ᠲᠡᠷᠡ ᠯᠡ ᠪᠦᠰᠡᠭᠦᠢ-ᠨ ᠨᠠᠷᠠᠨᠴᠣᠭᠲᠤТэр л бүсгүй-Н Наранцогт Narantsogt Ter l busgui ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠷᠡ ᠯᠡ ᠪᠦᠰᠡᠭᠦᠢ-ᠨ ᠨᠠᠷᠠᠨᠴᠣᠭᠲᠤТэр л бүсгүй-Н Наранцогт Narantsogt Ter l busgui

ᠲᠡᠷᠡ ᠯᠡ ᠪᠦᠰᠡᠭᠦᠢ-ᠨ ᠨᠠᠷᠠᠨᠴᠣᠭᠲᠤТэр л бүсгүй-Н Наранцогт Narantsogt Ter l busgui

ᠠᠩᠭᠢᠯᠠᠯ:ᠳᠠᠭᠤᠤ ᠬᠥᠭᠵᠢᠮ
2023-01-29

286

ᠲᠡᠷᠡ ᠯᠡ ᠪᠦᠰᠡᠭᠦᠢ

   ᠦᠭᠡ ᠄  ᠨᠠᠨᠲᠢᠨᠴᠡᠴᠡᠭ

   ᠠᠶ᠎ᠠ ᠄ ᠮᠥᠩᠬᠡᠠᠮᠢᠳᠤᠷᠠᠯ

   ᠳᠠᠭᠤᠴᠢᠨ ᠄ ᠨ · ᠨᠠᠷᠠᠨᠴᠣᠭᠲᠤ

ᠵᠥᠷᠢᠭᠡᠳ ᠥᠩᠭᠡᠷᠡᠬᠦ ‍ᠳᠦ ᠪᠡᠨ ᠵᠢᠷᠦᠬᠡ ᠢᠵᠢᠯᠢᠳᠦᠭᠰᠡᠨ

ᠵᠢᠰᠦ ᠲᠠᠨᠢᠬᠤ ᠦᠭᠡᠢ ᠴᠦ᠍ ᠬᠠᠷᠠᠴᠠ ᠪᠤᠯᠢᠶᠠᠭᠰᠠᠨ

ᠠᠩᠬᠠᠨ ‍ᠦ ᠢᠷᠭᠤᠢ ᠰᠢᠭ᠋ ᠠᠷᠢᠭᠤᠬᠠᠨ ᠎ᠡᠴᠡ ᠠᠷᠢᠭᠤᠬᠠᠨ

ᠠᠯᠠᠭ ᠨᠢᠳᠦᠨ ᠴᠢᠮ᠎ᠠ ‍ᠳᠦ ᠪᠢ ᠳᠤᠷᠠᠯᠠᠵᠠᠢ

ᠶᠠᠪᠤᠭᠠᠳ ᠥᠩᠭᠡᠷᠡᠬᠦ ‍ᠳᠦ ᠎ᠪᠡᠨ ᠶᠠᠭᠠᠷᠠᠤ ᠠᠯᠬᠤᠯᠠᠭᠰᠠᠭᠠᠷ

ᠶᠠᠷᠢᠶ᠎ᠠ ᠦᠯᠡᠳᠡᠭᠡ ᠦᠭᠡᠢ ᠴᠦ᠍ ᠢᠯᠳᠠᠮ ᠮᠢ᠍ᠰᠢᠶᠡᠭᠰᠡᠨ

ᠰᠣᠩᠭᠣᠳᠠᠭ ᠵᠢᠷᠤᠭ ᠰᠢᠭ᠋ ᠰᠠᠶ᠋ᠢᠬᠠᠨ ᠡᠴᠡ ᠰᠠᠶ᠋ᠢᠬᠠᠨ

ᠰᠣᠯᠣᠩᠭ᠎ᠠ ᠰᠢᠭ᠋ ᠦᠵᠡᠰᠭᠦᠯᠡᠩᠲᠡᠢ ᠲᠡᠷᠡ ᠯᠡ ᠪᠦᠰᠡᠭᠦᠢ

ᠬᠠᠵᠠᠭᠤ ᠎ᠪᠠᠷ ᠥᠩᠭᠡᠷᠡᠬᠦ ‍ᠳᠦ ᠎ᠪᠡᠨ ᠬᠠᠶ᠋ᠢᠷ᠎ᠠ ᠪᠡᠯᠡᠭᠯᠡᠭᠰᠡᠨ

ᠬᠠᠷᠠᠵᠤ ᠪᠠᠶ᠋ᠢᠭ᠎ᠠ ᠦᠭᠡᠢ ᠴᠦ᠍ ᠬᠠᠷᠠᠴᠠ ᠪᠤᠯᠢᠶᠠᠭᠰᠠᠨ

ᠬᠡᠭᠡᠷ᠎ᠡ ‍ᠶ᠋ᠢᠨ ᠴᠡᠴᠡᠭ ᠰᠢᠭ᠌ ᠠᠩᠬᠢᠯᠤᠮ᠎ᠠ ᠢᠯᠳᠠᠮ

ᠬᠡᠭᠡᠨᠴᠢᠷ ᠭᠣᠶᠣᠬᠠᠨ ᠴᠢᠮ᠎ᠠ ‍ᠳᠤ ᠪᠢ ᠳᠤᠷᠠᠯᠠᠵᠠᠢ

ᠶᠠᠪᠤᠭᠠᠳ ᠥᠩᠭᠡᠷᠡᠬᠦ ‍ᠳᠦ ᠎ᠪᠡᠨ ᠶᠠᠭᠠᠷᠠᠤ ᠠᠯᠬᠤᠯᠠᠭᠰᠠᠭᠠᠷ

ᠶᠠᠷᠢᠶ᠎ᠠ ᠦᠯᠡᠳᠡᠭᠡ ᠦᠭᠡᠢ ᠴᠦ᠍ ᠢᠯᠳᠠᠮ ᠮᠢ᠍ᠰᠢᠶᠡᠭᠰᠡᠨ

ᠰᠣᠩᠭᠣᠳᠠᠭ ᠵᠢᠷᠤᠭ ᠰᠢᠭ᠋ ᠰᠠᠶ᠋ᠢᠬᠠᠨ ᠡᠴᠡ ᠰᠠᠶ᠋ᠢᠬᠠᠨ

ᠰᠣᠯᠣᠩᠭ᠎ᠠ ᠰᠢᠭ᠋ ᠦᠵᠡᠰᠭᠦᠯᠡᠩᠲᠡᠢ ᠲᠡᠷᠡ ᠯᠡ ᠪᠦᠰᠡᠭᠦᠢ

ᠳᠡᠷᠭᠡᠳᠡᠭᠦᠷ ᠥᠩᠭᠡᠷᠡᠬᠦ ‍ᠳᠦ ᠪᠡᠨ ᠳᠤᠷᠠᠯᠠᠯ᠎ ᠪᠠᠳᠠᠷᠠᠭᠠᠭᠰᠠᠨ

ᠳᠡᠩᠳᠡ ᠲᠠᠭᠠᠷᠠᠭ᠎ᠠ ᠦᠭᠡᠢ ᠴᠦ᠍ ᠳᠣᠲᠣᠨᠣ ᠰᠠᠨᠠᠭᠳᠠᠭᠰᠠᠨ

ᠲᠩᠷᠢ ‍ᠶ᠋ᠢᠨ ᠰᠠᠷᠠᠨ ᠰᠢᠭ᠋ ᠭᠣᠶᠣᠬᠠᠨ ᠠ᠋ᠴᠠ ᠭᠣᠶᠣᠬᠠᠨ

ᠲᠠᠩᠬᠢᠯ ᠢᠯᠳᠠᠮ ᠴᠢᠮ᠎ᠠ ‍ᠳᠦ ᠪᠢ ᠳᠤᠷᠠᠯᠠᠵᠠᠢ