ᠲᠠᠪᠢᠯᠠᠩ ᠵᠠᠶᠠᠭ᠎ᠠ- ᠰ ᠭᠠᠩᠵᠣᠷᠢᠬ᠂ ᠬ ᠮᠥᠩᠭᠥᠨᠴᠡᠴᠡᠭТавилан заяа-с ганзориг, х мөнгөнцэцэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠠᠪᠢᠯᠠᠩ ᠵᠠᠶᠠᠭ᠎ᠠ- ᠰ ᠭᠠᠩᠵᠣᠷᠢᠬ᠂ ᠬ ᠮᠥᠩᠭᠥᠨᠴᠡᠴᠡᠭТавилан заяа-с ганзориг, х мөнгөнцэцэг

ᠲᠠᠪᠢᠯᠠᠩ ᠵᠠᠶᠠᠭ᠎ᠠ- ᠰ ᠭᠠᠩᠵᠣᠷᠢᠬ᠂ ᠬ ᠮᠥᠩᠭᠥᠨᠴᠡᠴᠡᠭТавилан заяа-с ганзориг, х мөнгөнцэцэг

ᠠᠩᠭᠢᠯᠠᠯ:ᠳᠠᠭᠤᠤ ᠬᠥᠭᠵᠢᠮ
2023-01-29

426

ᠲᠠᠪᠢᠯᠠᠩ ᠵᠠᠶᠠᠭ᠎ᠠ

   ᠦᠭᠡ᠄ ᠨ· ᠰᠠᠩᠵᠢᠮᠢᠲᠠᠪ
   ᠠᠶ᠎ᠠ ᠄ ᠳ· ᠴᠡᠸᠡᠩᠷᠠᠪᠲᠡᠨ
   ᠳᠠᠭᠤᠴᠢᠨ᠄ ᠰ· ᠭᠠᠩᠵᠣᠷᠢᠭ ᠭ· ᠮᠥᠩᠭᠥᠨᠴᠡᠴᠡᠭ

ᠳᠡᠷ᠎ᠡ ᠳᠡᠷ᠎ᠡ ᠪᠡᠨ ᠨᠡᠢᠯᠡᠭᠦᠯᠵᠦ ᠢᠵᠢᠯᠢᠰᠢᠬᠦ ᠭᠠᠭᠴᠠᠬᠠᠨ ᠬᠤᠪᠢ ᠲᠠᠢ
ᠳᠡᠭᠡᠳᠦ ᠲᠩᠷᠢ ᠶ᠋ᠢᠨ ᠳᠣᠣᠷ᠎ᠠ ᠬᠠᠨᠢᠰᠠᠬᠤ ᠬᠣᠪᠣᠷᠬᠠᠨ ᠵᠠᠶᠠᠭ᠎ᠠ ᠲᠠᠢ
ᠳᠡᠩᠳᠡᠭᠦᠦ ᠬᠠᠢᠷ᠎ᠠ ᠪᠠᠨ ᠥᠭᠭᠦᠭᠰᠡᠨ ᠤᠬᠠᠭᠠᠨ ᠳᠠᠷᠤᠤ ᠲᠠᠨ ᠤ᠋ ᠪᠠᠨ
ᠳᠡᠷᠭᠡᠳᠡ ᠡᠴᠡ ᠨᠢ ᠬᠣᠯᠠᠳᠠᠨ᠎ᠠ ᠭᠡᠬᠦ ᠪᠡᠷ ᠬᠡᠴᠡᠭᠦᠬᠡᠨ ᠪᠠᠢᠬᠤ ᠶᠤᠮ ᠠ᠋

ᠬᠡᠨ ᠬᠡᠨ ᠢ᠋ᠶ᠋ᠡᠨ ᠲᠦᠰᠢᠭᠡᠳ ᠬᠣᠷᠸ᠎ᠠ ᠶ᠋ᠢ ᠲᠤᠭᠤᠯᠬᠤ ᠵᠠᠮ ᠲᠠᠢ
ᠬᠡᠨᠵᠡᠬᠡᠨ ᠬᠠᠢᠷ᠎ᠠ ᠪᠠᠨ ᠡᠯᠡᠭᠡᠵᠦ ᠬᠣᠶᠠᠭᠤᠯᠠ ᠪᠠᠨ ᠵᠢᠷᠭᠠᠬᠤ ᠢᠷᠦᠭᠡᠯ ᠲᠡᠢ
ᠬᠡᠭᠡᠷ᠎ᠡ ᠶ᠋ᠢᠨ ᠴᠡᠴᠡᠭ ᠠᠩᠬᠢᠯᠤᠮ᠎ᠠ ᠳᠥᠯᠭᠡᠨ ᠲᠥᠷᠥᠭᠰᠡᠨ ᠴᠢᠨᠦᠬᠢ ᠪᠡᠨ
ᠬᠡᠮᠵᠢᠶᠡᠯᠡᠰᠢ ᠦᠭᠡᠢ ᠬᠠᠢᠷ᠎ᠠ ᠶ᠋ᠢ ᠴᠢᠨᠢ ᠠᠮᠰᠠᠵᠤ ᠡᠳ᠋ᠯᠡᠵᠦ ᠯᠡ ᠶᠠᠪᠤᠬᠤ ᠶᠤᠮ ᠳᠠ

ᠬᠠᠷᠠᠴᠠ ᠬᠠᠷᠠᠴᠠ ᠪᠠᠨ ᠤᠷᠭᠤᠭᠤᠯᠵᠤ ᠠᠭᠤᠯᠵᠠᠬᠤ ᠨᠢᠭᠡᠨ ᠲᠠᠪᠢᠯᠠᠩ ᠲᠠᠢ
ᠬᠠᠨᠢ ᠶ᠋ᠢᠨ ᠲᠩᠷᠢ ᠳᠠᠭᠤᠳᠠᠵᠤ ᠤᠴᠠᠷᠠᠬᠤ ᠠᠷᠢᠭᠤᠨ ᠳᠠᠢᠯᠠᠯᠭ᠎ᠠ ᠲᠠᠢ
ᠬᠠᠢᠯᠭᠠᠨ ᠬᠠᠢᠷ᠎ᠠ ᠪᠠᠨ ᠥᠭᠭᠦᠭᠰᠡᠨ ᠡᠩᠭᠡᠷ ᠳᠤᠯᠠᠭᠠᠬᠠᠨ ᠲᠠᠨ ᠤ᠋ ᠪᠠᠨ 
ᠬᠠᠵᠠᠭᠤ ᠠ᠋ᠴᠠ ᠨᠢ ᠬᠣᠯᠠᠳᠠᠨ᠎ᠠ ᠭᠡᠬᠦ ᠪᠡᠷ ᠬᠡᠴᠡᠭᠦᠬᠡᠨ ᠪᠠᠢᠬᠤ ᠶᠤᠮ ᠠ᠋

ᠡᠩᠭᠡᠷ ᠡᠩᠭᠡᠷ ᠢ᠋ᠶ᠋ᠡᠨ ᠵᠠᠳᠠᠭᠠᠢᠯᠠᠵᠤ ᠠᠷᠢᠭᠤᠰᠬᠤ ᠨᠠᠨᠳᠢᠨ ᠵᠢᠷᠤᠮ ᠲᠠᠢ
ᠡᠪ ᠦ᠋ᠨ ᠲᠩᠷᠢ ᠳᠠᠭᠤᠯᠠᠵᠤ ᠤᠴᠠᠷᠠᠬᠤ ᠠᠷᠢᠭᠤᠨ ᠢᠷᠦᠭᠡᠯ ᠲᠡᠢ
ᠡᠩ ᠦᠭᠡᠢ ᠬᠠᠢᠷ᠎ᠠ ᠪᠠᠨ ᠥᠭᠭᠦᠭᠰᠡᠨ ᠢᠪᠡᠭᠡᠯ ᠵᠢᠯ ᠲᠡᠢ ᠴᠢᠨᠦᠬᠢ ᠪᠡᠨ
ᠡᠩᠨᠡᠰᠢ ᠦᠭᠡᠢ ᠬᠠᠢᠷ᠎ᠠ ᠶ᠋ᠢ ᠴᠢᠨᠢ ᠠᠮᠰᠠᠵᠤ ᠤᠶᠠᠷᠠᠵᠤ ᠯᠠ ᠶᠠᠪᠤᠬᠤ ᠶᠤᠮ ᠳᠠ

ᠪᠤᠷᠬᠠᠨ ᠵᠠᠶᠠᠭᠠᠭᠰᠠᠨ ᠬᠠᠢᠷ᠎ᠠ ᠪᠠᠨ ᠵᠢᠷᠦᠬᠡ ᠵᠢᠷᠦᠬᠡᠨ ᠳ᠋ᠦ᠍ ᠪᠡᠨ ᠲᠡᠭᠡᠭᠡᠭᠡᠳ
ᠪᠤᠴᠠᠭᠠᠳ ᠬᠣᠯᠠᠳᠬᠤ ᠦᠭᠡᠢ ᠲᠠᠪᠢᠯᠠᠩ ᠢ᠋ᠶ᠋ᠠᠨ ᠰᠡᠳᠬᠢᠯ ᠰᠡᠳᠬᠢᠯ ᠳ᠋ᠦ᠍ ᠪᠡᠨ ᠬᠠᠳᠠᠭᠠᠯᠠᠭᠠᠳ
ᠬᠣᠣᠰ ᠬᠤᠨ ᠤ᠋ ᠵᠢᠭᠦᠷ ᠳᠡᠯᠭᠡᠭᠡᠳ ᠨᠢᠰᠬᠦ ᠶ᠋ᠢᠨ ᠠᠳᠠᠯᠢ ᠪᠠᠷ
ᠬᠣᠷᠸ᠎ᠠ ᠶ᠋ᠢ ᠬᠠᠮᠲᠤ ᠳ᠋ᠤ᠌ ᠪᠠᠨ ᠲᠤᠭᠤᠯᠤᠩᠬᠠᠨ ᠨᠠᠰᠤ ᠪᠠᠨ ᠡᠯᠡᠭᠡᠶ᠎ᠡ ᠳᠡ
ᠬᠣᠣᠰ ᠬᠤᠨ ᠤ᠋ ᠵᠢᠭᠦᠷ ᠳᠡᠯᠭᠡᠭᠡᠳ ᠨᠢᠰᠬᠦ ᠶ᠋ᠢᠨ ᠠᠳᠠᠯᠢ ᠪᠠᠷ
ᠬᠣᠷᠸ᠎ᠠ ᠶ᠋ᠢ ᠬᠠᠮᠲᠤ ᠳ᠋ᠤ᠌ ᠪᠠᠨ ᠳᠣᠭᠣᠯᠤᠩᠬᠠᠨ ᠨᠠᠰᠤ ᠪᠠᠨ ᠡᠯᠡᠭᠡᠶ᠎ᠡ ᠳᠡ

   ᠦᠰᠦᠭ ᠢ᠋ ᠠᠮᠢᠯᠠᠭᠤᠯᠤᠭᠰᠠᠨ᠄ ᠴ· ᠡᠷᠬᠢᠮᠪᠢᠯᠢᠭ
   ᠦᠰᠦᠭ ᠢ᠋ ᠬᠠᠲᠠᠭᠰᠠᠨ᠄ ᠴ· ᠡᠷᠬᠢᠮᠪᠢᠯᠢᠭ
   ᠬᠢᠨᠠᠭᠴᠢ᠄ ᠣᠳᠬᠣᠩᠬᠤᠸᠠᠷ᠂ ᠵᠢᠨ ᠬᠠᠢ᠂ ᠨᠠᠨᠳᠢᠨ᠂ ᠣᠳᠣᠨ