ᠴᠠᠭᠠᠨ ᠰᠠᠷ᠎ᠠ - ᠪ ᠠᠯᠲᠠᠨᠵᠢᠷᠭᠠᠯ᠂ ᠠᠭᠤᠯᠠ ᠤᠰᠤ ᠬᠠᠮᠲᠤᠯᠢᠭЦагаан сар - дуучин Б.Алтанжаргал, Уул Ус хамтлаг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭᠠᠨ ᠰᠠᠷ᠎ᠠ - ᠪ ᠠᠯᠲᠠᠨᠵᠢᠷᠭᠠᠯ᠂ ᠠᠭᠤᠯᠠ ᠤᠰᠤ ᠬᠠᠮᠲᠤᠯᠢᠭЦагаан сар - дуучин Б.Алтанжаргал, Уул Ус хамтлаг

ᠴᠠᠭᠠᠨ ᠰᠠᠷ᠎ᠠ - ᠪ ᠠᠯᠲᠠᠨᠵᠢᠷᠭᠠᠯ᠂ ᠠᠭᠤᠯᠠ ᠤᠰᠤ ᠬᠠᠮᠲᠤᠯᠢᠭЦагаан сар - дуучин Б.Алтанжаргал, Уул Ус хамтлаг

ᠠᠩᠭᠢᠯᠠᠯ:ᠳᠠᠭᠤᠤ ᠬᠥᠭᠵᠢᠮ
2023-01-28

667

ᠴᠠᠭᠠᠨ ᠰᠠᠷ᠎ᠠ

   ᠠᠶ᠎ᠠ ᠄ ᠳᠡᠯᠭᠡᠷᠳᠠᠯᠠᠢ

   ᠳᠠᠭᠤᠴᠢᠨ ᠄ ᠠᠯᠲᠠᠨᠵᠢᠷᠭᠠᠯ ᠂ ᠨᠠᠷᠠᠨᠳᠤᠯᠮ᠎ᠠ

ᠴᠠᠭᠠᠨ ᠰᠠᠷ᠎ᠠ ᠎ᠶ᠋ᠢᠨ ᠰᠢᠨ᠎ᠡ ᠎ᠶ᠋ᠢᠨ ᠨᠢᠭᠡᠨ

ᠪᠣᠯᠤᠭᠠᠳ ᠢᠷᠡᠪᠡᠯ ᠳ᠋ᠠ ᠬᠦ᠋ ᠂ ᠬᠦ᠋ ᠠᠢ

ᠴᠠᠭᠠᠨ ᠢᠰᠡᠭᠡᠢ ᠎ᠪᠡᠨ ᠭᠠᠳᠠᠨ᠎ᠠ ᠎ᠪᠠᠨ ᠳᠡᠪᠢᠰᠦᠭᠡᠳ

ᠲᠩᠷᠢ ᠪᠤᠷᠬᠠᠨ ‍ᠳᠦ ᠎ᠪᠡᠨ ᠮᠥᠷᠭᠥᠯ᠎ᠡ ᠳ᠋ᠠ ᠬᠦ᠋

 

ᠴᠠᠭᠠᠨ ᠢᠳᠡᠭᠡ ᠎ᠪᠡᠨ ᠲᠠᠪᠠᠭ ‍ᠢᠶ᠋ᠠᠷ ᠳᠦᠭᠦᠷᠭᠡᠭᠡᠳ

ᠠᠮᠲᠠᠨ ‍ᠳᠦ ᠨᠢ ᠪᠣᠯᠵᠤ ᠰᠠᠭᠤᠨ᠎ᠠ ᠡ ᠬᠦ᠋ ᠂ ᠠᠢ ᠬᠦ᠋

ᠴᠢᠷᠠᠶ᠋ᠢᠯᠢᠬ ᠲᠥᠷᠥᠭᠰᠡᠨ ᠶᠠᠩᠵᠢᠨᠳᠤᠯᠮ᠎ᠠ ‍ᠳᠦ ᠎ᠪᠡᠨ

ᠰᠠᠨᠠᠭᠰᠠᠨ ‍ᠢ ᠎ᠪᠡᠨ ᠬᠡᠯᠡᠨ᠎ᠡ ᠳ᠋ᠡ ᠬᠦ᠋

 

ᠠᠷᠪᠠᠨ ᠬᠣᠶᠠᠷ ᠰᠠᠷ᠎ᠠ ‍ᠶ᠋ᠢᠨ ᠡᠬᠢᠨ ‍ᠦ

ᠠᠮᠤᠭᠤᠯᠠᠩ ᠎ᠲᠡᠢ ᠴᠠᠭᠠᠨ ᠰᠠᠷ᠎ᠠ ‍ᠶ᠋ᠢᠨ ᠨᠢᠭᠡᠨ ᠎ᠳ᠋ᠦ᠍ ᠎ᠪᠡᠨ

ᠠᠶ᠋ᠢᠯ ᠪᠣᠯᠭᠠᠨ ᠣᠪᠣᠭ᠎ᠠ ᠪᠣᠰᠬᠠᠵᠤ

ᠠᠯᠢ ᠰᠠᠶ᠋ᠢᠨ ᠵᠦᠭ ᠎ᠲᠤ᠌ ᠎ᠪᠠᠨ ᠮᠥᠷ ‍ᠢᠶ᠋ᠡᠨ ᠭᠠᠷᠭᠠᠭᠰᠠᠨ

ᠳᠡᠭᠡᠳᠦ ᠬᠤᠷᠮᠤᠰᠲᠠ ᠲᠩᠷᠢ ‍ᠳᠦ ᠎ᠪᠡᠨ

ᠲᠠᠬᠢᠯ ᠪᠦᠬᠦᠨ ‍ᠢᠶ᠋ᠡᠨ ᠡᠷᠭᠦᠵᠦ

ᠨᠠᠷᠠᠨ ᠰᠠᠷᠠᠨ ᠰᠢᠭ᠋ ᠬᠡᠷᠡᠯᠳᠦᠭᠰᠡᠨ

ᠨᠠᠷᠠᠰᠤᠨ ᠮᠣᠳᠣ ᠰᠢᠭ᠋ ᠳᠡᠯᠭᠡᠷᠡᠬᠦ

ᠳᠡᠮᠪᠡᠷᠢᠯ ᠎ᠲᠡᠢ ᠰᠠᠶ᠋ᠢᠨ ᠢᠷᠦᠭᠡᠯ ‍ᠢ

ᠳᠡᠪᠰᠢᠭᠦᠯᠦᠨ ᠡᠨᠳᠡ ᠎ᠡᠴᠡ ᠮᠡᠳᠡᠭᠦᠯᠦᠶ᠎ᠡ

 

ᠬᠠᠪᠤᠷ ‍ᠤᠨ ᠰᠠᠷ᠎ᠠ ‍ᠶ᠋ᠢᠨ ᠰᠢᠨ᠎ᠡ ‍ᠶ᠋ᠢᠨ ᠨᠢᠭᠡᠨ

ᠪᠣᠯᠤᠭᠠᠳ ᠢᠷᠡᠪᠡᠯ ᠳ᠋ᠡ ᠬᠦ᠋᠂ ᠠᠢ ᠬᠦ᠋

ᠬᠠᠨᠠᠨ ᠢᠰᠡᠭᠡᠢ ᠎ᠪᠡᠨ ᠭᠠᠳᠠᠨ᠎ᠠ ᠎ᠪᠠᠨ ᠳᠡᠪᠢᠰᠦᠭᠡᠳ

ᠬᠠᠩᠭᠠᠢ ᠳᠡᠯᠡᠬᠡᠢ ‍ᠳᠤ ᠎ᠪᠠᠨ ᠮᠥᠷᠭᠥᠯ᠎ᠡ ᠳ᠋ᠠ ᠬᠦ᠋

 

ᠬᠠᠶ᠋ᠢᠯᠤᠮᠠᠯ ᠲᠣᠰᠣ ᠎ᠪᠠᠨ ᠲᠠᠪᠠᠭ ‍ᠢᠶ᠋ᠠᠷ ᠳᠦᠭᠦᠷᠭᠡᠭᠡᠳ

ᠠᠮᠲᠠᠨ ‍ᠳᠦ ᠨᠢ ᠪᠣᠯᠵᠤ ᠰᠠᠭᠤᠨ᠎ᠠ ᠡ ᠬᠦ᠋ ᠂ ᠠᠢ ᠬᠦ᠋

ᠴᠢᠷᠠᠶ᠋ᠢᠯᠢᠬ ᠲᠥᠷᠥᠭᠰᠡᠨ ᠶᠠᠩᠵᠢᠨᠳᠤᠯᠮ᠎ᠠ ‍ᠳᠦ ᠎ᠪᠡᠨ

ᠰᠠᠨᠠᠭᠰᠠᠨ ‍ᠢ ᠎ᠪᠡᠨ ᠬᠡᠯᠡᠨ᠎ᠡ ᠳ᠋ᠡ ᠬᠦ᠋