ᠴᠠᠭᠠᠨ ᠰᠠᠷ᠎ᠠ ᠶᠢᠨ ᠰᠢᠯᠦᠭЦагаан сарын шүлэг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭᠠᠨ ᠰᠠᠷ᠎ᠠ ᠶᠢᠨ ᠰᠢᠯᠦᠭЦагаан сарын шүлэг

ᠴᠠᠭᠠᠨ ᠰᠠᠷ᠎ᠠ ᠶᠢᠨ ᠰᠢᠯᠦᠭЦагаан сарын шүлэг

2023-01-28

716

ᠴᠠᠭᠠᠨ ᠰᠠᠷ᠎ᠠ ᠶᠢᠨ ᠰᠢᠯᠦᠭ

ᠰᠢᠨ᠎ᠡ ᠶ᠋ᠢᠨ ᠨᠢᠭᠡᠨ ᠳᠤ ᠮᠢᠯᠢᠶᠠᠭᠰᠠᠨ ᠡᠷᠳᠡᠨᠢ ᠬᠠᠢᠷᠬᠠᠨ ᠠᠭᠤᠯᠠ ᠮᠢᠨᠢ

ᠰᠢᠯᠢ ᠰᠢᠯᠢ ᠪᠡᠨ ᠰᠢᠷᠲᠡᠭᠰᠡᠨ ᠰᠠᠢᠨ ᠣᠪᠣᠭ᠎ᠠ ᠂  ᠣᠪᠣᠭᠠᠲᠤ  ᠬᠠᠢᠷᠬᠠᠨ ᠮᠢᠨᠢ

ᠲᠡᠭᠷᠢ ᠶ᠋ᠢᠨ ᠮᠡᠯᠮᠡᠢ ᠶ᠋ᠢ ᠲᠣᠯᠢᠳᠠᠭᠰᠠᠨ ᠨᠠᠭᠤᠷ ᠤᠨ ᠴᠡᠩᠬᠡᠷ ᠮᠠᠨᠳᠠᠯ ᠮᠢᠨᠢ

ᠲᠦᠮᠡᠨ ᠦᠶ᠎ᠡ ᠎ᠳ᠋ᠦ᠍ ᠪᠡᠨ ᠰᠢᠳᠦᠭᠳᠡᠭᠰᠡᠨ ᠮᠣᠩᠭᠣᠯ ᠶᠡᠬᠡ ᠨᠤᠲᠤᠭ ᠮᠢᠨᠢ

ᠬᠠᠷ᠎ᠠ ᠰᠦᠯᠲᠡ ᠪᠡᠨ ᠬᠠᠤᠠᠬᠤᠵᠤ  ᠬᠠᠳᠠᠮᠴᠢᠯᠠᠭᠰᠠᠨ ᠨᠤᠲᠤᠭ ᠲᠤ ᠴᠢᠨᠢ

ᠬᠠᠭᠠᠨᠲᠤ ᠲᠥᠷᠥ ᠶ᠋ᠢᠨ ᠶᠢᠰᠦᠨ ᠬᠥᠯᠲᠦ ᠴᠠᠭᠠᠨ ᠲᠤᠭ ᠵᠢᠯ ᠳ᠋ᠡᠭᠡᠨ ᠨᠢᠭᠡ ᠠᠢᠯᠴᠢᠯᠠᠵᠤ

ᠬᠠᠮᠤᠭ ᠮᠣᠩᠭᠣᠯ ᠤᠷᠢᠲᠤ ᠶ᠋ᠢᠨ ᠰᠦᠷ ᠶ᠋ᠢᠡᠷ ᠣᠮᠣᠭᠰᠢᠵᠤ

ᠬᠠᠲᠤᠨ ᠳᠡᠯᠡᠬᠡᠢ ᠳ᠋ᠦ᠍ ᠠᠯᠳᠠᠷ ᠶ᠋ᠢᠠᠨ ᠭᠠᠢᠬᠠᠭᠤᠯᠬᠤ ᠪᠣᠯᠤᠨ᠎ᠠ

ᠦᠰᠦᠷᠦᠭᠰᠡᠨ ᠴᠢᠰᠤ ᠲᠠᠰᠤᠷᠠᠭᠰᠠᠨ ᠮᠢᠬᠠᠨ ᠪ ᠎ᠮᠢᠨᠢ ᠬᠡᠯᠲᠡᠷᠬᠡᠢ

ᠦᠭᠡᠢᠯᠡᠨ ᠰᠠᠨᠠᠭᠰᠠᠨ ᠡᠯᠢᠭᠡ ᠨᠢᠭᠡᠲᠡᠢ ᠠᠬᠠᠨ ᠳᠡᠭᠦᠦᠰ ᠮᠢᠨᠢ

ᠨᠠᠷᠠ ᠮᠠᠨᠳᠤᠭᠰᠠᠨ ᠲᠠᠯ᠎ᠠ ᠎ᠶ᠋ᠢᠨ ᠬᠤᠭᠤᠷ ᠬᠥᠭᠯᠡᠭᠰᠡᠨ ᠦᠨᠳᠦᠰᠦᠲᠡᠨ

ᠨᠠᠢᠷᠠᠭ ᠢᠷᠥᠭᠡᠭᠰᠡᠨ ᠲᠦᠮᠡᠨ ᠪ ᠳᠤᠭᠤᠷ᠎ᠠ ᠰᠥᠩᠨᠡᠭᠰᠡᠨ ᠤᠭᠰᠠᠭᠠᠲᠠᠨ

ᠳᠡᠭᠡᠳᠦᠰ ᠮᠥᠩᠬᠡᠷᠡᠭᠰᠡᠨ ᠲᠡᠦᠬᠡ ᠶ᠋ᠢᠨ ᠤᠷᠤᠭ ᠪᠠᠷᠢᠯᠲᠤᠭᠰᠠᠨ ᠲᠤᠭᠤᠷᠭᠠᠲᠠᠨ

ᠳᠡᠯᠡᠬᠡᠢ ᠳᠤ ᠭᠠᠢᠬᠠᠭᠳᠠᠭᠰᠠᠨ ᠮᠣᠩᠭᠣᠯ ᠠᠬᠠᠨ ᠳᠡᠭᠦᠦᠰ

ᠰᠠᠯᠬᠢ ᠨᠠᠭᠠᠲᠤᠭᠰᠠᠨ ᠭᠣᠪᠢ ᠶ᠋ᠢᠨ ᠥᠩᠭᠡ ᠶ᠋ᠢ ᠴᠢᠮᠡᠭᠰᠡᠨ ᠴᠡᠴᠡᠭᠡᠰ

ᠰᠠᠷᠠ ᠵᠡᠭᠦᠳᠦᠯᠡᠭᠰᠡᠨ ᠲᠩᠷᠢ ᠶ᠋ᠢᠨ ᠠᠯᠤᠰ ᠲᠤ ᠭᠢᠯᠠᠯᠵᠠᠬᠤ ᠣᠲᠣᠳ

ᠰᠦ ᠡᠷᠭᠦᠭᠰᠡᠨ ᠡᠵᠢ ᠶ᠋ᠢᠨ ᠰᠠᠴᠤᠯᠢ ᠳᠤ ᠰᠢᠵᠢᠷᠲᠡᠬᠦ ᠨᠠᠷᠠᠨ

ᠰᠠᠨᠴᠢᠬ ᠪᠤᠭᠤᠷᠤᠯ ᠠᠪᠤ ᠶ᠋ᠢᠨ ᠤᠬᠠᠭᠠᠨ ᠳᠤ ᠤᠨᠲᠤᠷᠤᠭᠰᠠᠨ ᠰᠤᠷᠭᠠᠯ

ᠤᠨᠠᠬ᠋᠎ᠠ  ᠲᠡᠩᠴᠡᠭᠰᠡᠨ ᠬᠥᠨᠲᠡᠢ ᠶ᠋ᠢᠨ ᠤᠷᠬ᠋᠎ᠠ ᠪᠠᠷᠢᠬᠰᠠᠨ ᠨᠡᠭᠦᠲᠡᠯᠴᠢᠨ

ᠤᠴᠠᠷᠠᠯ ᠵᠥᠩᠨᠡᠭᠰᠡᠨ ᠬᠦᠦ ᠶ᠋ᠢᠨ ᠵᠡᠭᠦᠲᠦ  ᠪᠡᠶᠡᠯᠡᠭᠰᠡᠨ ᠵᠢᠷᠭᠠᠯ

ᠠᠯᠤᠰ ᠠ᠋ᠴᠠ ᠤᠶᠠᠷᠠᠭᠰᠠᠨ ᠨᠤᠲᠤᠭ ᠊ᠤᠨ ᠬᠥᠮᠦᠨ ᠴᠢᠭᠤᠯᠤᠭᠰᠠᠨ ᠨᠠᠭᠤᠷ

ᠠᠶᠠᠨ ᠳᠤ ᠮᠥᠩᠬᠡᠷᠡᠭᠰᠡᠨ ᠳᠠᠭᠤᠨ ᠪ ᠰᠢᠯᠦᠭ ᠲᠤ ᠰᠢᠩᠭᠡᠭᠰᠡᠨ ᠤᠶᠠᠩᠭ᠎ᠠ

ᠳᠠᠯᠠᠢ ᠳᠤ ᠠᠰᠬᠠᠭᠰᠠᠨ ᠰᠢᠨᠠᠬ᠋᠎ᠠ ᠰᠦᠨ ᠪ ᠳᠡᠭᠡᠵᠢᠰ

ᠳᠠᠩᠴᠤ ᠥᠩᠭᠡ ᠪᠠᠨ ᠠᠯᠲᠠᠬ᠋᠎ᠠ ᠦᠭᠡᠢ ᠴᠠᠯᠠᠨ ᠴᠠᠭᠠᠨ ᠶᠣᠰᠣ ᠵᠠᠩᠰᠢᠯ

ᠳᠡᠨᠵᠢ ᠶ᠋ᠢᠨ ᠴᠡᠩᠬᠡᠷ ᠲᠣᠭᠣᠷᠤᠤ ᠨᠢ ᠮᠡᠨᠲᠦ ᠪᠡᠨ ᠳᠠᠢᠵᠤ ᠦᠯᠡᠲᠡᠭᠡᠳ

ᠳᠡᠯᠭᠡᠷ ᠰᠠᠢᠬᠠᠨ ᠮᠣᠩᠭᠣᠯ ᠶ᠋ᠢᠠᠨ ᠰᠡᠤᠠᠬᠢᠯ ᠳᠤ ᠪᠡᠨ ᠰᠠᠷᠠᠪᠴᠢᠯᠠᠨ ᠦᠭᠡᠢᠯᠡᠭᠰᠡᠨ

ᠲᠠᠰᠤᠷᠠᠭᠰᠠᠨ ᠮᠢᠬ᠎ᠠ  ᠦᠰᠦᠷᠦᠭᠰᠡᠨ ᠴᠢᠰᠤᠨ ᠪ ᠮᠢᠨᠢ  ᠲᠤᠰᠤᠯ

ᠲᠦᠮᠡᠨ ᠦᠶ᠎ᠡ ᠶ᠋ᠢᠨ ᠲᠡᠦᠬᠡᠨ ᠳᠤ ᠮᠥᠩᠬᠡ ᠬᠠᠷᠪᠤᠭᠰᠠᠨ ᠠᠬᠠᠨ ᠳᠡᠭᠦᠦᠰ ᠮᠢᠨᠢ

ᠨᠢᠭᠡᠨ ᠶ᠋ᠢᠡᠨ  ᠦᠭᠡᠢᠯᠡᠬᠦ ᠨᠠᠨᠲᠢᠨ ᠰᠡᠳᠬᠢᠯ  ᠦᠨ ᠴᠠᠭᠠᠨ ᠭᠡᠭᠡ

ᠨᠡᠷᠡᠲᠦ ᠳᠤ ᠨᠥᠮᠥᠷᠢᠯᠡᠬᠦ ᠬᠠᠯᠠᠭᠤᠨ ᠬᠠᠢᠷ᠎ᠠ ᠶ᠋ᠢᠨ ᠤᠨᠲᠤᠷᠬ᠋᠎ᠠ

ᠬᠠᠷ᠎ᠠ ᠦᠰᠦ ᠨᠠᠭᠠᠯᠲᠤᠬ᠋᠎ᠠ ᠦᠭᠡᠢ ᠬᠠᠪᠤᠲᠤ ᠬᠠᠰᠠᠷ᠎᠊ᠤᠨ ᠤᠲᠤᠮ 

ᠬᠠᠭᠠᠨ ᠴᠢᠩᠭᠢᠰ᠎᠊ᠤᠨ ᠶᠢᠰᠦᠨ ᠲᠤᠭ ᠊ᠤᠨ ᠵᠠᠯᠭᠠᠮᠵᠢ

ᠲᠠᠪᠤᠨ ᠬᠠᠨᠠᠲᠤ ᠪᠠᠷ ᠶ᠋ᠢᠠᠨ ᠳᠡᠯᠡᠬᠡᠢ ᠶ᠋ᠢᠨ ᠳᠡᠨᠵᠢ ᠶ᠋ᠢ ᠲᠠᠮᠠᠭᠠᠯᠠᠭᠰᠠᠨ

ᠲᠤᠸᠠ ᠂ ᠪᠤᠷᠢᠶᠠᠳ ᠂ ᠬᠠᠯᠢᠮᠠᠭ ᠂ ᠥᠪᠥᠷ  ᠮᠣᠩᠭᠣᠯ ᠠᠬᠠᠨ ᠳᠡᠭᠦᠦᠰ ᠮᠢᠨᠢ ᠠ᠋

ᠵᠢᠷᠭᠠᠯ ᠬᠤᠷᠤᠢᠯᠠᠭᠰᠠᠨ ᠲᠦᠮᠡᠨ ᠪ ᠎ᠪᠡᠨ ᠶᠣᠰᠣ ᠎ᠶ᠋ᠢ ᠬᠦᠨᠳᠦᠯᠡᠨ ᠮᠥᠷᠭᠥᠵᠦ

ᠵᠠᠯᠮ᠎ᠠ ᠬᠠᠷ᠎ᠠ ᠶ᠋ᠢᠨ ᠬᠠᠲᠠᠷᠢᠶᠠᠨ ᠳᠤ ᠬᠦᠴᠦ ᠨᠡᠮᠡᠨ  ᠶᠦᠷᠭᠡᠶ᠎ᠠ

ᠠᠭᠤᠤ  ᠳᠠᠢᠴᠢᠨ ᠳᠡᠭᠡᠳᠦᠰ ᠲᠤ ᠪᠡᠨ ᠬᠠᠲᠠᠭ ᠪᠠᠷᠢᠨ ᠮᠡᠬᠦᠢᠵᠦ

ᠠᠰᠢᠲᠠ ᠰᠠᠷᠨᠢᠬᠤ ᠦᠭᠡᠢ ᠲᠦᠮᠡᠨ ᠲᠡᠢ᠎ ᠪᠠᠨ ᠠᠨᠲᠠᠭᠠᠢ ᠲᠠᠯᠪᠢᠨ  ᠵᠣᠯᠭᠠᠶ᠎ᠠ