ᠰᠠᠢᠬᠠᠨ ᠮᠣᠩᠭᠣᠯ ᠨᠤᠲᠤᠭ- ᠪᠠᠨᠽᠠᠷᠠᠭᠴᠢ ᠪᠤᠷᠮ᠎ᠠ᠂ ᠮᠦᠩᠬᠡᠪᠠᠳᠤСайхан монгол нутаг-банзрагч бурам, мөнхбат
ᠰᠠᠢᠬᠠᠨ ᠮᠣᠩᠭᠣᠯ ᠨᠤᠲᠤᠭ- ᠪᠠᠨᠽᠠᠷᠠᠭᠴᠢ ᠪᠤᠷᠮ᠎ᠠ᠂ ᠮᠦᠩᠬᠡᠪᠠᠳᠤ
ᠦᠭᠡ ᠄ ᠶᠣ᠋ · ᠡᠷᠳᠡᠨᠢᠳᠣᠭᠲᠠᠬᠤ
ᠠᠶ᠎ᠠ ᠄ ᠴᠢᠷᠮᠠᠶ᠋ᠢᠯᠲᠠ
ᠳᠠᠭᠤᠴᠢᠨ ᠄ ᠪᠠᠨᠽᠠᠷᠠᠭᠴᠢ ᠪᠤᠷᠮ᠎ᠠ᠂ ᠮᠦᠩᠬᠡᠪᠠᠳᠤ
ᠴᠡᠩᠬᠡᠷ ᠠᠭᠤᠯᠠᠰ ᠨᠢ ᠰᠦᠨᠳᠡᠷᠯᠡᠬᠦ
ᠪᠡᠷ ᠰᠡᠳᠬᠢᠯ ᠥᠨᠳᠡᠯᠵᠡᠨ᠎ᠡ
ᠴᠡᠭᠡᠯ ᠦᠨ ᠤᠰᠤ ᠨᠢ ᠮᠡᠯᠮᠡᠯᠵᠡᠬᠦ
ᠪᠡᠷ ᠰᠠᠨᠠᠭ᠎ᠠ ᠠᠷᠢᠭᠤᠰᠤᠨᠠ
ᠠᠭᠤᠳᠠᠮ ᠲᠠᠯ᠎ᠠ ᠨᠢ ᠴᠠᠯᠠᠶ᠋ᠢᠬᠦ
ᠪᠡᠷ ᠴᠡᠭᠡᠵᠢ ᠠᠭᠤᠵᠢᠷᠠᠨ᠎ᠠ
ᠤᠷᠲᠤ ᠳᠠᠭᠤᠤ ᠨᠢ ᠰᠢᠷᠦᠩᠬᠠᠶ᠋ᠢᠯᠠᠬᠣ
ᠪᠠᠷ ᠰᠣᠨᠣᠷ ᠡᠭᠡᠰᠢᠭᠯᠡᠨ᠎ᠡ
ᠰᠠᠢᠨ ᠤ ᠢᠷᠦᠭᠡᠯ ᠢᠶ᠋ᠡᠷ
ᠰᠦᠵᠢᠭᠯᠡᠨ ᠵᠠᠶᠠᠭᠠᠭᠰᠠᠨ
ᠰᠠᠶ᠋ᠢᠬᠠᠨ ᠮᠣᠩᠭᠣᠯ ᠥᠯᠥᠭᠡᠢ
ᠨᠤᠲᠤᠭ ᠮᠢᠨᠢ
ᠲᠩᠷᠢᠯᠢᠭ ᠳᠡᠭᠡᠳᠦᠰ ᠦᠨ
ᠮᠢᠨᠢ ᠥᠪᠯᠡᠭᠦᠯᠵᠦ ᠥᠭᠭᠦᠭᠰᠡᠨ
ᠳᠡᠯᠭᠡᠷᠡᠬᠦ ᠵᠠᠶᠠᠭ᠎ᠠ ᠲᠠᠢ
ᠡᠬᠡ ᠣᠷᠣᠨ ᠮᠢᠨᠢ ᠳ᠋ᠧ
ᠮᠥᠩᠬᠡ ᠲᠡᠭᠷᠢ ᠲᠡᠢ ᠪᠡᠨ
ᠰᠢᠲᠦᠬᠦ ᠪᠡᠷ ᠵᠠᠶᠠᠭ᠎ᠠ ᠥᠭᠡᠳᠡᠯᠡᠨ᠎ᠡ
ᠮᠥᠷᠡᠨ ᠭᠣᠣᠯ ᠡᠴᠡ ᠤᠮᠳᠠᠯᠠᠬᠤ
ᠳᠤ ᠵᠣᠯᠪᠣᠭ᠎ᠠ ᠰᠡᠷᠭᠦᠨ᠎ᠡ
ᠲᠠᠪᠤᠨ ᠡᠷᠳᠡᠨᠢ ᠪᠡᠨ ᠥᠰᠭᠡᠬᠦ
ᠳᠦ ᠬᠡᠰᠢᠭ ᠬᠤᠷᠠᠨ᠎ᠠ
ᠲᠠᠨᠠᠨ ᠭᠡᠷ ᠲᠦ ᠪᠡᠨ
ᠠᠮᠢᠳᠤᠷᠠᠬᠤ ᠳᠤ ᠪᠣᠶᠠᠨ ᠳᠡᠯᠭᠡᠷᠡᠨ᠎ᠡ
ᠰᠠᠢᠨ ᠤ ᠢᠷᠦᠭᠡᠯ ᠢᠶ᠋ᠡᠷ
ᠰᠦᠵᠢᠭᠯᠡᠨ ᠵᠠᠶᠠᠭᠠᠭᠰᠠᠨ
ᠰᠠᠶ᠋ᠢᠬᠠᠨ ᠮᠣᠩᠭᠣᠯ ᠥᠯᠥᠭᠡᠢ
ᠨᠤᠲᠤᠭ ᠮᠢᠨᠢ
ᠲᠩᠷᠢᠯᠢᠭ ᠳᠡᠭᠡᠳᠦᠰ ᠦᠨ
ᠮᠢᠨᠢ ᠥᠪᠯᠡᠭᠦᠯᠵᠦ ᠥᠭᠭᠦᠭᠰᠡᠨ
ᠳᠡᠯᠭᠡᠷᠡᠬᠦ ᠵᠠᠶᠠᠭ᠎ᠠ ᠲᠠᠢ
ᠡᠬᠡ ᠣᠷᠣᠨ ᠮᠢᠨᠢ ᠳ᠋ᠧ
ᠰᠠᠴᠤᠯᠢ ᠪᠠᠨ ᠳᠡᠭᠡᠵᠢᠯᠡᠨ
ᠡᠷᠭᠦᠬᠦ ᠪᠡᠷ ᠬᠣᠷᠸ᠋᠎ᠠ ᠪᠠᠶᠠᠰᠤᠨ᠎ᠠ
ᠰᠠᠭᠠᠯᠢ ᠶ᠋ᠢᠨ ᠰᠢᠮ᠎ᠡ
ᠲᠡᠢ ᠬᠤᠷ᠎ᠠ ᠪᠠᠷ ᠢᠪᠢᠯᠦᠨ ᠢᠪᠡᠭᠡᠨ᠎ᠡ
ᠤᠳᠤᠮ ᠤᠨ ᠭᠣᠯᠣᠮᠲᠠ ᠪᠠᠨ
ᠳᠡᠭᠡᠳᠦᠯᠡᠬᠦ ᠳᠦ ᠭᠠᠯ ᠮᠢᠨᠢ ᠪᠠᠳᠠᠷᠠᠨ᠎ᠠ
ᠤᠭᠰᠠᠭ᠎ᠠ ᠮᠣᠩᠭᠣᠯ ᠲᠦᠮᠡᠨ
ᠦ ᠮᠢᠨᠢ ᠬᠡᠶ᠋ᠢᠮᠣᠷᠢ ᠮᠠᠨᠳᠤᠨ᠎ᠠ
ᠰᠠᠢᠨ ᠤ ᠢᠷᠦᠭᠡᠯ ᠢᠶ᠋ᠡᠷ
ᠰᠦᠵᠢᠭᠯᠡᠨ ᠵᠠᠶᠠᠭᠠᠭᠰᠠᠨ
ᠰᠠᠶ᠋ᠢᠬᠠᠨ ᠮᠣᠩᠭᠣᠯ ᠥᠯᠥᠭᠡᠢ
ᠨᠤᠲᠤᠭ ᠮᠢᠨᠢ
ᠲᠩᠷᠢᠯᠢᠭ ᠳᠡᠭᠡᠳᠦᠰ ᠦᠨ
ᠮᠢᠨᠢ ᠥᠪᠯᠡᠭᠦᠯᠵᠦ ᠥᠭᠭᠦᠭᠰᠡᠨ
ᠳᠡᠯᠭᠡᠷᠡᠬᠦ ᠵᠠᠶᠠᠭ᠎ᠠ ᠲᠠᠢ ᠡᠬᠡ ᠣᠷᠣᠨ ᠮᠢᠨᠢ ᠳ᠋ᠧ
