ᠰᠢᠨ᠎ᠡ ᠵᠢᠯ-ᠬᠤᠷᠳᠤ ᠬᠠᠮᠲᠤᠯᠢᠭ - ᠬᠤᠷᠳᠤ 30Шинэ жил-Хурд хамтлаг - Хурд 30 ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠨ᠎ᠡ ᠵᠢᠯ-ᠬᠤᠷᠳᠤ ᠬᠠᠮᠲᠤᠯᠢᠭ - ᠬᠤᠷᠳᠤ 30Шинэ жил-Хурд хамтлаг - Хурд 30

ᠰᠢᠨ᠎ᠡ ᠵᠢᠯ-ᠬᠤᠷᠳᠤ ᠬᠠᠮᠲᠤᠯᠢᠭ - ᠬᠤᠷᠳᠤ 30Шинэ жил-Хурд хамтлаг - Хурд 30

ᠠᠩᠭᠢᠯᠠᠯ:ᠳᠠᠭᠤᠤ ᠬᠥᠭᠵᠢᠮ
2023-01-27

395

ᠰᠢᠨ᠎ᠡ ᠵᠢᠯ-ᠬᠤᠷᠳᠤ ᠬᠠᠮᠲᠤᠯᠢᠭ - ᠬᠤᠷᠳᠤ 30

   ᠦᠭᠡ ᠄  ᠬ · ᠴᠢᠯᠡᠵᠠᠪ

   ᠠᠶ᠎ᠠ  ᠄ ᠳ · ᠣᠳᠬᠣᠨᠪᠠᠶᠠᠷ

   ᠬᠤᠷᠳᠤ ᠬᠠᠮᠲᠤᠯᠢᠬ ᠳᠠᠭᠤᠯᠠᠨ᠎ᠠ

 

ᠡᠨᠡ ᠣᠷᠴᠢᠯᠠᠩ ᠎ᠳ᠋ᠤ᠌ ᠨᠢᠭᠡ ᠨᠠᠰᠤ ‍ᠶ᠋ᠢ ᠨᠡᠮᠡᠯ᠎ᠡ

ᠴᠡᠴᠡᠭ ᠤᠷᠭᠤᠬᠤ ᠰᠢᠭ᠋ ᠴᠠᠰᠤᠨ ᠥᠬᠢᠳ ᠦᠰᠦᠯ᠎ᠡ

ᠭᠣᠶᠣᠯ ᠴᠢᠮᠡᠭ ‍ᠢᠶ᠋ᠡᠨ ᠵᠡᠭᠦᠭᠰᠡᠨ ᠨᠣᠭᠣᠭᠠᠨ ᠭᠠᠴᠤᠷ᠎ᠠ

ᠭᠤᠸ᠋᠎ᠠ ᠰᠠᠶ᠋ᠢᠬᠠᠨ ᠠᠵᠠ ᠵᠢᠷᠭᠠᠯ ᠭᠢᠯᠠᠯᠵᠠᠨ᠎ᠠ

 

ᠨᠠᠳᠠ ‍ᠳᠦ ᠴᠢᠮ᠎ᠠ ᠎ᠳ᠋ᠤ᠌ ᠨᠢᠭᠡ ᠬᠠᠪᠤᠷ ‍ᠢ ᠠᠪᠴᠢᠷᠠᠯ᠎ᠠ

ᠨᠠᠮᠤᠭᠤᠬᠠᠨ ᠣᠷᠴᠢᠯᠠᠩ ᠎ᠳ᠋ᠤ᠌ ᠰᠢᠨ᠎ᠡ ᠵᠢᠯ ᠠᠶ᠋ᠢᠯᠴᠢᠯᠠᠨ ᠢᠷᠡᠯ᠎ᠡ

ᠲᠡᠨᠢᠭᠦᠨ ᠰᠡᠳᠬᠢᠯ ‍ᠦᠨ ᠪᠡᠯᠭᠡᠳᠡᠯ ᠡᠪᠦᠭᠡᠨ ᠠᠪᠤ

ᠲᠡᠭᠷᠢ ‍ᠶ᠋ᠢᠨ ᠣᠷᠣᠨ ‍ᠤ ᠪᠤᠷᠬᠠᠨ ᠠᠳᠠᠯᠢ ᠬᠠᠷᠠᠭᠳᠠᠨ᠎ᠠ

 

ᠵᠥᠭᠡᠯᠡᠨ ᠵᠥᠭᠡᠯᠡᠨ ᠬᠠᠶᠠᠯᠠᠬᠤ ᠴᠠᠰᠤᠨ ᠰᠢᠷᠬᠡᠭ

ᠵᠥᠷᠢᠭᠡᠳ ᠥᠩᠭᠡᠷᠡᠬᠦ ᠬᠥᠮᠦᠨ ᠪᠦᠬᠦᠨ ᠢᠨᠢᠶᠡᠮᠰᠦᠭᠯᠡᠭᠰᠡᠨ

ᠰᠢᠨ᠎ᠡ ᠵᠢᠯ ‍ᠦᠨ ᠪᠠᠶᠠᠷ ᠡᠨᠡ ᠭᠡᠷᠡᠯᠲᠦ ᠦᠳᠡᠰᠢ

ᠵᠥᠪᠬᠡᠨ ᠰᠠᠶ᠋ᠢᠨ ᠰᠠᠶ᠋ᠢᠬᠠᠨ ‍ᠢ ᠳᠠᠭᠤᠯᠠᠵᠠᠭᠠᠶ᠎ᠠ

 

ᠬᠣᠵᠢᠮ ‍ᠤᠨ ᠠᠵᠠ ᠎ᠲᠠᠢ ᠤᠴᠠᠷᠠᠯ ‍ᠢ ᠬᠥᠲᠥᠯᠦᠭᠦᠯᠦᠭᠡᠳ

ᠬᠥᠮᠦᠨ ᠪᠦᠬᠦᠨ ‍ᠦ ᠰᠡᠳᠬᠢᠯ ‍ᠢ ᠣᠶ᠋ᠢᠷᠠᠲᠤᠭᠤᠯᠤᠭᠠᠳ

ᠵᠤᠯᠠ ᠰᠠᠷ᠎ᠠ ‍ᠶ᠋ᠢᠨ ᠴᠠᠰᠤᠨ ᠰᠢᠷᠬᠡᠭ ᠨᠠᠭᠠᠳᠤᠮ

ᠵᠦᠩ ᠪᠢᠯᠢᠭ ‍ᠦᠨ ᠨᠠᠷᠠᠨ ᠣᠶ᠋ᠢᠷᠠᠬᠠᠨ ᠭᠡᠷᠡᠯᠲᠦᠨ᠎ᠡ

 

ᠵᠥᠭᠡᠯᠡᠨ ᠵᠥᠭᠡᠯᠡᠨ ᠬᠠᠶᠠᠯᠠᠬᠤ ᠴᠠᠰᠤᠨ ᠰᠢᠷᠬᠡᠭ

ᠵᠥᠷᠢᠭᠡᠳ ᠥᠩᠭᠡᠷᠡᠬᠦ ᠬᠥᠮᠦᠨ ᠪᠦᠬᠦᠨ ᠢᠨᠢᠶᠡᠮᠰᠦᠭᠯᠡᠭᠰᠡᠨ

ᠰᠢᠨ᠎ᠡ ᠵᠢᠯ ‍ᠦᠨ ᠪᠠᠶᠠᠷ ᠡᠨᠡ ᠭᠡᠷᠡᠯᠲᠦ ᠦᠳᠡᠰᠢ

ᠵᠥᠪᠬᠡᠨ ᠰᠠᠶ᠋ᠢᠨ ᠰᠠᠶ᠋ᠢᠬᠠᠨ ‍ᠢ ᠳᠠᠭᠤᠯᠠᠵᠠᠭᠠᠶ᠎ᠠ