ᠡᠷ᠎ᠡ ᠶ᠋ᠢᠨ ᠭᠤᠷᠪᠠᠨ ᠨᠠᠭᠠᠳᠤᠮ-ᠪ ᠭᠦᠷᠦᠪᠠᠳᠠᠮ᠂ ᠡ᠊ ᠴᠢᠯᠠᠭᠤᠨᠴᠢᠮᠡᠭЭрийн гурван наадам-Б.Гүрбадам
ᠡᠷ᠎ᠡ ᠶ᠋ᠢᠨ ᠭᠤᠷᠪᠠᠨ ᠨᠠᠭᠠᠳᠤᠮ
ᠦᠭᠡ: ᠴ᠂ ᠴᠠᠭᠨᠠᠳᠣᠷᠵᠢ
ᠠᠶ᠎ᠠ: ᠱ᠂ ᠥᠯᠵᠡᠢᠪᠠᠶᠠᠷ
ᠬᠥᠭᠵᠢᠮ ᠦ᠋ᠨ ᠨᠠᠢᠷᠠᠭᠤᠯᠭ᠎ᠠ: ᠨ· ᠲᠡᠮᠡᠦᠯᠦᠨ
ᠳᠠᠭᠤᠴᠢᠨ: ᠬᠦᠷᠦᠪᠡᠳᠮᠠ᠂ ᠴᠢᠯᠠᠭᠤᠨᠴᠢᠮᠡᠭ
ᠨᠠᠭᠠᠮᠠᠯ ᠬᠡ ᠲᠡᠢ ᠭᠤᠲᠤᠯ ᠤ᠋ᠨ ᠢ᠋ᠶ᠋ᠠᠨ ᠵᠦᠢᠮᠡᠯ ᠵᠤᠯᠤᠭ ᠢ᠋ ᠬᠠᠨᠵᠠᠷᠠᠲᠠᠯᠠ
ᠨᠠᠷᠢᠨ ᠰᠢᠷᠢᠮᠡᠯ ᠵᠣᠳᠣᠭ ᠤ᠋ᠨ ᠢ᠋ᠶ᠋ᠠᠨ ᠲᠣᠪᠣᠷᠤᠤ ᠬᠡ ᠶ᠋ᠢ ᠡᠯᠴᠡᠷᠡᠲᠡᠯᠡ
ᠰᠤᠷ ᠢ᠋ᠶ᠋ᠠᠷ ᠪᠣᠭᠣᠭᠰᠠᠨ ᠭᠡᠵᠢᠭᠡᠨ ᠦ᠌ ᠤᠷᠠᠨ ᠰᠦᠯᠵᠢᠶᠡᠰᠦ ᠵᠠᠳᠠᠷᠠᠲᠠᠯᠠ
ᠰᠤᠮᠤ ᠶ᠋ᠢᠨ ᠨᠠᠭᠠᠳᠤᠮ ᠳ᠋ᠤ᠌ ᠲᠦᠷᠦᠭᠦᠯᠡᠭᠰᠡᠨ ᠤᠨᠠᠭᠠᠨ ᠨᠠᠰᠤ ᠪᠠᠨ ᠳᠤᠷᠠᠰᠲᠠᠯᠠ
ᠴᠡᠩᠬᠡᠷ ᠰᠠᠷᠠᠭᠤᠯ ᠳᠡᠨᠵᠢ ᠳᠡᠭᠡᠷ᠎ᠡ ᠬᠦᠴᠦᠲᠦ ᠪᠥᠬᠡᠴᠦᠳ ᠵᠣᠳᠣᠭᠯᠠᠯᠠ
ᠴᠡᠩᠭᠡᠯ ᠪᠠᠶᠠᠷ ᠤ᠋ᠨ ᠮᠠᠩᠯᠠᠢ ᠮᠣᠩᠭᠣᠯ ᠨᠠᠭᠠᠳᠤᠮ ᠡᠬᠢᠯᠡᠯ᠎ᠡ᠃
ᠵᠡᠪᠡ ᠬᠦᠷᠬᠦ ᠵᠢᠷᠤᠬᠠᠢ ᠶ᠋ᠢᠨ ᠤᠨᠤᠭ᠎ᠠ ᠬᠠᠰᠤᠭᠠ ᠶ᠋ᠢ ᠪᠤᠲᠠᠷᠠᠲᠠᠯ᠎ᠠ
ᠵᠡᠷᠭᠡᠴᠡᠭᠡ ᠠᠭᠤᠯᠠᠰ ᠤ᠋ᠨ ᠣᠨᠢ ᠪᠠᠷ ᠵᠢᠮ᠎ᠡ ᠭᠠᠷᠤᠨ ᠰᠡᠳᠡᠷᠡᠲᠡᠯ᠎ᠡ
ᠠᠯᠳᠠᠯᠠᠵᠤ ᠲᠠᠯᠪᠢᠭᠰᠠᠨ ᠰᠤᠮᠤ ᠪᠠᠷ ᠢ᠋ᠶ᠋ᠠᠨ ᠠᠯᠤᠰ ᠤ᠋ᠨ ᠵᠡᠷᠭᠡᠯᠭᠡ ᠶ᠋ᠢ ᠰᠠᠷᠨᠢᠲᠠᠯᠠ
ᠠᠷᠠᠳ ᠤ᠋ᠨ ᠴᠡᠩᠭᠡᠯ ᠨᠠᠭᠠᠳᠤᠮ ᠢ᠋ ᠤᠤᠬᠠᠢ ᠶ᠋ᠢᠨ ᠲᠦᠷᠡᠯᠭᠡ ᠳ᠋ᠦ᠍ ᠪᠡᠶᠡᠰᠲᠡᠯᠡ
ᠵᠢᠷᠤᠬᠠᠢ ᠶ᠋ᠢᠨ ᠲᠠᠲᠠᠯᠭ᠎ᠠ ᠨᠤᠮᠤᠷᠠᠨ ᠰᠠᠯᠬᠢ ᠢᠰᠬᠡᠷᠴᠦ ᠬᠥᠭᠡᠮᠡᠢᠯᠡᠯᠡ
ᠵᠠᠭᠤᠨ ᠵᠠᠭᠤᠨ ᠢ᠋ ᠥᠷᠲᠡᠭᠡᠯᠡᠭᠰᠡᠨ ᠮᠣᠩᠭᠣᠯ ᠨᠠᠭᠠᠳᠤᠮ ᠡᠬᠢᠯᠡᠯ᠎ᠡ ᠃
ᠬᠤᠯᠠᠨ ᠬᠢᠴᠡᠲᠡᠢ ᠮᠣᠷᠢᠳ ᠤ᠋ᠨ ᠢ᠋ᠶ᠋ᠠᠨ ᠰᠠᠯᠬᠢᠨ ᠭᠦᠶᠦᠳᠡᠯ ᠢ᠋ ᠬᠤᠢᠯᠠᠷᠠᠲᠠᠯᠠ
ᠬᠤᠢᠪᠢ ᠲᠣᠭᠲᠠᠭ᠎ᠠ ᠦᠭᠡᠢ ᠰᠣᠶᠣᠭᠠᠯᠠᠩ ᠤ᠋ᠨ ᠰᠠᠭᠠᠭ ᠲᠤᠭᠤᠷᠠᠢ ᠶ᠋ᠢ ᠪᠥᠮᠪᠥᠷᠢᠲᠡᠯ᠎ᠡ
ᠳᠡᠯ ᠰᠡᠭᠦᠯ ᠲᠡᠢ ᠬᠡᠢᠮᠣᠷᠢ ᠶ᠋ᠢᠨ ᠢ᠋ᠶ᠋ᠡᠨ ᠳᠡᠭᠡᠭᠰᠢ ᠪᠡᠨ ᠵᠠᠶᠠᠭ᠎ᠠ ᠶ᠋ᠢ ᠨᠠᠮᠢᠷᠠᠲᠠᠯᠠ
ᠳᠡᠨᠵᠢ ᠶ᠋ᠢᠨ ᠨᠠᠭᠠᠳᠤᠮ ᠳ᠋ᠤ᠌ ᠣᠷᠣᠯᠳᠣᠭᠰᠠᠨ ᠲᠡᠷᠡ ᠯᠠ ᠦᠶ᠎ᠡ ᠪᠡᠨ ᠳᠠᠭᠤᠷᠢᠰᠲᠠᠯᠠ
ᠳᠡᠯᠭᠡᠷ ᠰᠠᠷᠠᠭᠤᠯ ᠳᠡᠨᠵᠢ ᠳᠡᠭᠡᠷ᠎ᠡ ᠤᠶᠠᠭ᠎ᠠ ᠰᠣᠢᠯᠭ᠎ᠠ ᠵᠢᠭᠳᠡᠷᠡᠯᠡ
ᠳᠡᠭᠡᠭᠰᠢ ᠪᠡᠨ ᠲᠦᠮᠡᠨ ᠦ᠌ ᠴᠡᠩᠭᠡᠯ ᠮᠣᠩᠭᠣᠯ ᠨᠠᠭᠠᠳᠤᠮ ᠡᠬᠢᠯᠡᠯ᠎ᠡ
ᠲᠥᠷᠥ ᠶ᠋ᠢᠨ ᠮᠢᠨᠢ ᠳᠠᠯᠪᠠᠭ᠎ᠠ ᠨᠠᠮᠢᠷᠠᠭᠠᠳ ᠶᠢᠰᠦᠨ ᠲᠤᠭ ᠢ᠋ᠶ᠋ᠠᠨ ᠴᠡᠩᠭᠡᠭᠦᠯᠦᠯᠡ
ᠲᠦᠮᠡᠨ ᠣᠯᠠᠨ ᠤ᠋ ᠴᠡᠩᠭᠡᠯ ᠳᠡᠯᠡᠬᠡᠢ ᠶ᠋ᠢᠨ ᠨᠠᠭᠠᠳᠤᠮ ᠡᠬᠢᠯᠡᠯ᠎ᠡ᠃
ᠦᠰᠦᠭ ᠬᠠᠳᠠᠭᠴᠢ ᠄ ᠵᠢᠷᠠᠨᠲᠠᠢ
ᠦᠰᠦᠭ ᠠᠮᠢᠯᠠᠭᠤᠯᠤᠭᠴᠢ ᠄ ᠤᠤᠭᠠᠨᠵᠢᠳ
ᠬᠢᠨᠠᠭᠴᠢ᠄ ᠮᠡᠷᠭᠡᠨᠪᠢᠯᠢᠭ
