ᠠᠷᠪᠠᠨ ᠲᠠᠪᠤᠨ ᠤ ᠰᠠᠷᠠᠨ- ᠡᠩᠬᠡᠡᠷᠳᠡᠨᠢАрван тавны саран-Энх эрдэнэ
ᠠᠷᠪᠠᠨ ᠲᠠᠪᠤᠨ ᠤ ᠰᠠᠷᠠᠨ
ᠦᠭᠡ ᠄ ᠪ · ᠪᠠᠲᠤᠴᠡᠩᠭᠡᠯ
ᠠᠶ᠎ᠠ ᠄ ᠳ · ᠮᠥᠩᠬᠡᠪᠣᠯᠣᠳ
ᠡᠩᠬᠡᠡᠷᠳᠡᠨᠢ ᠳᠠᠭᠤᠯᠠᠨ᠎ᠠ
ᠠᠷᠪᠠᠨ ᠲᠠᠪᠤᠨ ᠤ ᠰᠠᠷᠠᠨ
ᠠᠯᠤᠰ ᠢᠶ᠋ᠡᠷ ᠢᠶ᠋ᠡᠨ ᠲᠣᠭᠣᠷᠢᠬᠯᠠᠭᠠᠳ
ᠠᠷᠪᠠᠨ ᠨᠠᠢ᠍ᠮᠠ ᠲᠠᠢ ᠰᠡᠳᠬᠢᠯ
ᠠᠮᠢᠳᠤᠷᠠᠬᠤ ᠵᠠᠮ ᠢᠶ᠋ᠠᠨ ᠵᠢᠷᠤᠭᠯᠠᠭᠠᠳ
ᠬᠦᠢᠲᠡᠨ ᠳᠤᠯᠠᠭᠠᠨ ᠨᠢ ᠡᠭᠡᠯᠵᠢᠯᠡᠳᠡᠭ
ᠬᠥᠮᠦᠨ ᠦ ᠣᠷᠴᠢᠯᠠᠩ ᠳ᠋ᠤ᠌
ᠭᠡᠷᠡᠯ ᠳᠦᠭᠦᠷᠡᠩ ᠪᠣᠳᠣᠯ
ᠭᠡᠭᠡᠨ ᠮᠥᠷᠥᠭᠡᠳᠦᠯ ᠮᠢᠨᠢ
ᠭᠠᠯᠠᠭᠤ ᠰᠢᠪᠠᠭᠤᠨ ᠤ ᠠᠳᠠᠯᠢ ᠪᠠᠷ
ᠭᠠᠳᠠᠭᠠᠳᠤ ᠳᠠᠯᠠᠢ ᠳ᠋ᠤ᠌ ᠳᠡᠭᠦᠯᠢᠨ ᠳᠡᠭᠦᠯᠢᠨ ᠨᠢᠰᠦᠭᠡᠷᠡᠢ
ᠬᠣᠷᠢᠨ ᠲᠠᠪᠤᠨ ᠤ ᠰᠠᠷᠠᠨ
ᠬᠣᠯᠠᠭᠤᠷ ᠢᠶ᠋ᠡᠨ ᠲᠣᠭᠣᠷᠢᠬᠯᠠᠭᠠᠳ
ᠬᠣᠷᠢᠨ ᠨᠠᠢ᠍ᠮᠠ ᠲᠠᠢ ᠰᠡᠳᠬᠢᠯ
ᠬᠠᠶ᠋ᠢᠷ᠎ᠠ ᠶ᠋ᠢᠨ ᠪᠣᠳᠣᠯ ᠳ᠋ᠤ᠌ ᠠᠪᠲᠠᠭᠠᠳ
ᠰᠠᠶ᠋ᠢᠨ ᠲᠠᠢ ᠮᠠᠭᠤ ᠲᠠᠢ ᠪᠠᠨ
ᠰᠠᠨᠠᠭ᠎ᠠ ᠪᠠᠷ ᠪᠣᠯᠳᠠᠭ ᠦᠭᠡᠢ ᠬᠣᠷᠸ᠋᠎ᠠ ᠳ᠋ᠤ᠌
ᠬᠠᠶ᠋ᠢᠷ᠎ᠠ ᠪᠠᠷ ᠳᠦᠭᠦᠷᠡᠩ ᠪᠣᠳᠣᠯ
ᠬᠠᠪᠤᠷ ᠤᠨ ᠮᠥᠷᠥᠭᠡᠳᠦᠯ ᠮᠢᠨᠢ
ᠠᠶᠠᠨ ᠤ ᠰᠢᠪᠠᠭᠤᠨ ᠦ ᠠᠳᠠᠯᠢ ᠪᠠᠷ
ᠠᠯᠤᠰ ᠤᠨ ᠠᠯᠤᠰ ᠢᠶ᠋ᠡᠷ ᠳᠡᠭᠦᠯᠢᠨ ᠳᠡᠭᠦᠯᠢᠨ ᠨᠢᠰᠦᠭᠡᠷᠡᠢ
ᠭᠡᠷᠡᠯ ᠳᠦᠭᠦᠷᠡᠩ ᠪᠣᠳᠣᠯ
ᠭᠡᠭᠡᠨ ᠮᠥᠷᠥᠭᠡᠳᠦᠯ ᠮᠢᠨᠢ
ᠠᠶᠠᠨ ᠤ ᠰᠢᠪᠠᠭᠤᠨ ᠤ ᠠᠳᠠᠯᠢ ᠪᠠᠷ
ᠠᠯᠤᠰ ᠤᠨ ᠠᠯᠤᠰ ᠢᠶ᠋ᠡᠷ ᠳᠡᠭᠦᠯᠢᠨ ᠳᠡᠭᠦᠯᠢᠨ ᠨᠢᠰᠦᠭᠡᠷᠡᠢ
