ᠡᠷᠪᠡᠬᠡᠢ ᠠᠨᠳᠠᠭᠤᠷᠠᠵᠤ ᠪᠠᠭᠤᠮ᠎ᠠ-ᠪ ᠂ ᠯᠾᠬᠠᠪᠠᠰᠦᠶ᠋ᠷᠦᠩЭрвээхий андуурч буум-Б. Лхагвасүрэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷᠪᠡᠬᠡᠢ ᠠᠨᠳᠠᠭᠤᠷᠠᠵᠤ ᠪᠠᠭᠤᠮ᠎ᠠ-ᠪ ᠂ ᠯᠾᠬᠠᠪᠠᠰᠦᠶ᠋ᠷᠦᠩЭрвээхий андуурч буум-Б. Лхагвасүрэн

ᠡᠷᠪᠡᠬᠡᠢ ᠠᠨᠳᠠᠭᠤᠷᠠᠵᠤ ᠪᠠᠭᠤᠮ᠎ᠠ-ᠪ ᠂ ᠯᠾᠬᠠᠪᠠᠰᠦᠶ᠋ᠷᠦᠩЭрвээхий андуурч буум-Б. Лхагвасүрэн

2023-01-26

489

ᠡᠷᠪᠡᠬᠡᠢ ᠠᠨᠳᠠᠭᠤᠷᠠᠵᠤ ᠪᠠᠭᠤᠮ᠎ᠠ

   ᠪᠠᠪᠤᠤ᠎ ᠶᠢᠨ · ᡀᠠᠪᠠᠰᠥ᠋ᠷᠦᠩ

ᠡᠭᠡᠯ ᠲᠠᠯ᠎ᠠ᠎ ᠶᠢᠨ ᠴᠡᠴᠡᠭ  ᠤᠨ ᠬᠡ ᠎ᠲᠡᠢ

ᠬᠣᠶᠠᠷ ᠰᠤᠭᠤᠨ  ᠳᠤ ᠨᠢ ᠢᠵᠢᠢ᠎ ᠶᠢᠨ ᠮᠢᠨᠢ ᠠᠯᠠᠭᠠᠨ ᠦ ᠮᠥᠷ ᠎ᠲᠡᠢ

ᠬᠤᠷᠠᠭᠠᠨ ᠪᠠᠷᠢᠭᠤᠪᠴᠢ ᠮᠢᠨᠦ ᠠᠩᠬᠠᠨ  ᠤ ᠳᠡᠪᠡᠯ

ᠪᠣᠷᠣ ᠲᠠᠯ᠎ᠠ᠎ ᠡᠴᠡ ᠎ᠪᠠᠨ ᠴᠡᠴᠡᠭ  ᠤᠨ ᠰᠤᠷ ᠢ ᠲᠡᠭᠦᠵᠦ

ᠪᠠᠷᠢᠭᠤᠪᠴᠢᠨ ᠳᠡᠭᠡᠷ᠎ᠡ ᠮᠢᠨᠢ ᠱᠠᠭᠯᠠᠵᠤ ᠨᠠᠳᠠ ᠳᠤ ᠡᠮᠦᠰᠬᠡᠬᠦ᠎ ᠳᠤ

ᠡᠪᠦᠯ ᠪᠣᠯᠳᠠᠭ ᠪᠠᠢᠵᠤ ᠭᠡᠨ᠎ᠡ ᠪᠢᠯᠡ

ᠪᠠᠷᠢᠭᠤᠪᠴᠢᠨ ᠳᠡᠭᠡᠷᠡᠬᠢ ᠴᠡᠴᠡᠭ ᠦᠳ ᠢ ᠨᠢ ᠤᠨᠠᠭᠠᠬᠤ ᠮᠡᠲᠦ

ᠪᠣᠷᠣ ᠲᠠᠯ᠎ᠠ᠎ ᠳᠠᠭᠠᠨ ᠰᠡᠭᠰᠦᠷᠴᠢᠬᠡᠭᠡᠳ ᠠᠪᠳᠠᠷ᠎ᠠ ᠳᠤ ᠬᠢᠬᠦ᠎ ᠳᠤ

ᠵᠤᠨ ᠪᠣᠯᠳᠠᠭ ᠪᠠᠢᠨ᠎ᠠ ᠭᠡᠨ᠎ᠡ ᠪᠢᠯᠡ

ᠬᠥᠭᠡᠷᠦᠬᠦᠢ ᠢᠵᠢᠢ ᠮᠢᠨᠢ ᠦᠵᠡᠬᠦ ᠲᠣᠭᠠᠯᠠᠨ ᠳᠠᠭᠠᠨ

ᠬᠦᠦ ᠶᠢᠨ ᠮᠢᠨᠢ ᠨᠢᠯᠬ᠎ᠠ ᠦᠨᠦᠷ ᠭᠡᠳᠡᠭ ᠰᠠᠨ

ᠥᠭᠡᠳᠡᠰᠦᠨ ᠴᠢᠨᠡᠭᠡ ᠪᠠᠷᠢᠭᠤᠪᠴᠢ ᠎ᠪᠠᠨ

ᠡᠯᠢᠭᠡᠨ ᠳᠡᠬᠡᠨ ᠨᠠᠭᠠᠬᠤ᠎ ᠳᠤ

ᠦᠬᠦᠭᠰᠡᠨ ᠠᠮᠢᠳᠤ ᠬᠣᠶᠠᠷ

ᠦᠨᠦᠷ ᠳᠤᠷᠠᠳᠬᠠᠯ ᠬᠣᠶᠠᠷ ᠢᠶᠡᠷ ᠤᠴᠠᠷᠠᠳᠠᠭ