ᠭᠠᠭᠴᠠᠬᠠᠨ ᠡᠵᠢ ᠳᠤ  ᠪᠠᠨ ᠤᠩᠰᠢᠬᠤ ᠰᠢᠯᠦᠭ- ᠴᠤᠤᠳᠠᠯ ᠤᠨ ᠬᠤᠯᠠᠨГагцхан ээждээ унших шүлэг-цуудалын хулан ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠭᠴᠠᠬᠠᠨ ᠡᠵᠢ ᠳᠤ  ᠪᠠᠨ ᠤᠩᠰᠢᠬᠤ ᠰᠢᠯᠦᠭ- ᠴᠤᠤᠳᠠᠯ ᠤᠨ ᠬᠤᠯᠠᠨГагцхан ээждээ унших шүлэг-цуудалын хулан

ᠭᠠᠭᠴᠠᠬᠠᠨ ᠡᠵᠢ ᠳᠤ  ᠪᠠᠨ ᠤᠩᠰᠢᠬᠤ ᠰᠢᠯᠦᠭ- ᠴᠤᠤᠳᠠᠯ ᠤᠨ ᠬᠤᠯᠠᠨГагцхан ээждээ унших шүлэг-цуудалын хулан

2023-01-26

1657

ᠭᠠᠭᠴᠠᠬᠠᠨ ᠡᠵᠢ ᠳᠤ  ᠪᠠᠨ ᠤᠩᠰᠢᠬᠤ ᠰᠢᠯᠦᠭ

   ᠴᠤᠤᠳᠠᠯ ‍ᠤᠨ ᠬᠤᠯᠠᠨ
   ᠬᠤᠷ᠎ᠠ ᠂ ᠲᠤᠤᠯᠢᠶ᠎ᠠ ᠤᠶᠠᠩᠭᠠᠯᠠᠪᠠ


ᠨᠠᠮᠤᠷ ‍ᠤᠨ ᠠᠭᠤᠯᠠᠨ᠎ᠠ ᠪᠤᠭᠤ ‍ᠶ᠋ᠢᠨ ᠤᠷᠤᠮᠳᠠᠬᠤ ‍ᠶ᠋ᠢ ᠰᠣᠨᠣᠰᠤᠭᠠᠷᠠᠢ
ᠨᠠᠮ᠎ᠠ ‍ᠶ᠋ᠢ ᠤᠬᠠᠭᠠᠵᠢᠬᠤ ‍ᠶ᠋ᠢ ᠦᠵᠡᠬᠦ ᠭᠡᠵᠦ ᠢᠵᠢᠢ ᠮᠢᠨᠢ ᠲᠠ ᠤᠷᠲᠤ ᠨᠠᠰᠤᠯᠠᠭᠠᠷᠠᠢ
ᠮᠠᠨᠴᠤᠢ ‍ᠳᠤ ᠎ᠪᠠᠨ ᠢᠷᠡᠵᠦ ᠲᠠᠨ ‍ᠢ ᠎ᠪᠠᠨ ᠪᠢ ᠭᠠᠭᠴᠠᠬᠠᠨ ᠤᠳᠠᠭ᠎ᠠ ᠵᠢᠷᠭᠠᠭᠠᠭᠰᠠᠨ
ᠮᠠᠭᠠᠳ ᠦᠭᠡᠢ ᠲᠡᠭᠦᠨ ᠎ᠡᠴᠡ ᠬᠣᠶ᠋ᠢᠰᠢ ᠳᠠᠩᠳᠠ ᠎ᠪᠠᠨ ᠵᠣᠪᠠᠭᠠᠭᠰᠠᠨ
ᠭᠠᠭᠴᠠᠬᠠᠨ ᠨᠠᠮ᠎ᠠ ‍ᠶ᠋ᠢ ᠭᠡᠵᠤ ᠢᠵᠢᠢ ᠮᠢᠨᠢ ᠲᠠ
ᠭᠠᠵᠠᠷ ᠳᠡᠭᠡᠷ᠎ᠡ  ᠬᠡᠴᠢᠨᠡᠭᠡᠨ ᠤᠪᠠᠳᠢᠰ ᠎ᠲᠠᠢ ᠲᠥᠷᠥᠭᠰᠡᠨ ᠶᠤᠮ ᠪᠤᠢ
ᠪᠠᠷᠢᠭᠤᠪᠴᠢ ‍ᠶ᠋ᠢ ᠮᠢᠨᠢ ᠡᠰᠭᠡᠵᠤ ᠂ ᠬᠤᠷᠢᠮ ‍ᠤᠨ ᠡᠮᠦᠰᠬᠡᠯ ᠴᠢᠮᠡᠭᠯᠡᠵᠤ ᠂
ᠪᠠᠯᠴᠢᠷ ᠡᠴᠡ ᠮᠢᠨᠢ ᠡᠳᠦᠢ ᠬᠦᠷᠲᠡᠯ᠎ᠡ ᠲᠠ ᠣᠶᠣᠳᠠᠯᠴᠢᠨ ᠶᠠᠪᠤᠯ᠎ᠠ ᠃
ᠣᠲᠠᠴᠢ ᠮᠠᠨᠠᠯ ‍ᠤᠨ ᠬᠤᠪᠢᠯᠭᠠᠨ ᠡᠶ᠋ᠢᠮᠦ ᠪᠠᠶ᠋ᠢᠳᠠᠭ ‍ᠦᠦ ᠭᠡᠯᠲᠡᠢ
ᠣᠷᠣᠨ ᠳᠡᠭᠡᠷ᠎ᠡ ᠎ᠡᠴᠡ ᠮᠢᠨᠢ ᠠᠯᠭᠠᠰᠠᠯ ᠦᠭᠡᠢ ᠲᠣᠩᠭᠣᠶ᠋ᠢᠵᠤ
ᠳᠡᠷ᠎ᠡ ‍ᠶ᠋ᠢᠨ ᠳᠡᠭᠡᠷ᠎ᠡ ᠨᠠᠮ᠎ᠠ ‍ᠶ᠋ᠢ ᠪᠦᠯᠢᠶᠡᠷᠡᠵᠤ ᠬᠣᠨᠣᠬᠤ ᠪᠣᠯᠭᠠᠨ ‍ᠳᠤ ᠂  

ᠳᠡᠯᠡᠬᠡᠢ ‍ᠳᠦ ᠬᠠᠮᠤᠭ ‍ᠤᠨ ᠰᠠᠶ᠋ᠢᠨ ᠡᠮᠴᠢ ᠮᠢᠨᠢ ᠲᠠ ᠪᠠᠶ᠋ᠢᠯ᠎ᠠ ᠃
ᠠᠭᠠᠰᠢ ᠎ᠪᠠᠨ ᠡᠪᠳᠡᠨ ᠡᠷᠬᠡᠯᠡᠵᠦ ᠶᠠᠳᠠᠭᠰᠠᠨ ᠨᠠᠮ᠎ᠠ ‍ᠶ᠋ᠢ ᠠᠷᠭᠠᠳᠠᠭᠰᠠᠨ ‍ᠳᠤ ᠎ᠪᠠᠨ ᠂
ᠠᠯᠢᠶᠠᠯᠠᠭᠴᠢ ᠪᠣᠯᠵᠤ ᠡᠮᠦᠨ᠎ᠡ ᠮᠢᠨᠢ ᠲᠠ ᠡᠷᠭᠢᠯᠳᠦᠭᠰᠡᠨ ᠂
ᠦᠰᠦᠭ ‍ᠢ ᠪᠢᠴᠢᠬᠦ ᠭᠡᠳ ᠪᠤᠳᠤᠯᠢᠵᠤ ᠴᠦᠬᠦᠵᠤ ᠰᠠᠭᠤᠬᠤ ‍ᠳᠤ ᠮᠢᠨᠢ ᠂
ᠠᠯᠳᠠᠭ᠎ᠠ ᠎ᠲᠠᠢ ᠪᠠᠶ᠋ᠢᠬᠤ ‍ᠳᠤ ᠮᠢᠨᠢ ᠤᠯᠠᠶ᠋ᠢᠮ᠎ᠠ ᠴᠠᠶ᠋ᠢᠮ᠎ᠠ ᠣᠨᠴᠠ ᠲᠠᠯᠪᠢᠳᠠᠭ ᠪᠠᠭᠰᠢ ᠶᠠᠪᠤᠯ᠎ᠠ ᠂
ᠴᠠᠭ ᠣᠷᠣᠶ᠋ᠢᠳᠠᠭᠰᠠᠨ ᠪᠣᠯᠵᠣᠭᠠᠨ ᠡᠴᠡ ᠡᠷᠭᠢᠵᠤ ᠢᠷᠡᠬᠦ ‍ᠳᠦ ᠴᠠᠭᠳᠠᠭ᠎ᠠ ᠂ ᠡᠰᠡᠬᠦᠯ᠎ᠡ ᠡᠭᠦᠳᠡᠨ ‍ᠦ ᠮᠠᠨᠠᠭᠠᠴᠢ ᠂
ᠰᠠᠷᠠ ᠨᠠᠷᠠᠨ ‍ᠤ ᠡᠭᠡᠯᠵᠢ ᠦᠭᠡᠢ ᠭᠠᠯ ᠰᠠᠬᠢᠬᠰᠠᠨ ᠲᠣᠭᠣᠭᠠᠴᠢ ᠂
ᠰᠠᠩ ‍ᠤᠨ ᠪᠣᠶ᠋ᠢᠪᠤᠷ  ᠲᠤ ᠠᠷᠴᠠ ᠤᠭᠤᠭᠢᠭᠤᠯᠵᠤ ᠮᠠᠨᠢ ᠤᠩᠰᠢᠬᠰᠠᠨ ᠯᠠᠮᠠ ᠡ ᠃
ᠰᠢᠬᠦᠷ ᠲᠡᠭᠷᠢ ‍ᠶ᠋ᠢᠨ ᠳᠣᠣᠷ᠎ᠠ ᠠᠯᠳᠠᠵᠤ ᠡᠨᠳᠡᠭᠦ ‍ᠶ᠋ᠢᠨ ᠲᠣᠭᠠᠯᠠᠩ ‍ᠳᠤ ᠮᠢᠨᠢ ᠂ 
ᠰᠢᠭᠦᠬᠦ ‍ᠶ᠋ᠢᠨ ᠲᠣᠭᠳᠠᠭᠠᠯ ᠤᠩᠰᠢᠳᠠᠭ ᠶᠠᠯᠠᠯᠠᠭᠴᠢ ᠨᠢ ᠲᠠ ᠮᠦᠷᠳᠡᠭᠡᠨ ᠂
ᠲᠠᠭᠠᠭᠠᠮᠭᠠᠢ ᠶᠡᠬᠡ ᠬᠠᠶ᠋ᠢᠷ᠎ᠠ ᠲᠠᠨᠢ ᠠᠨᠠᠢ ᠯᠡ ᠬᠡᠪ ‍ᠢᠶ᠋ᠡᠷ ‍ᠢᠶ᠋ᠡᠨ ᠂
ᠲᠠᠪᠠᠵᠤ ᠵᠠᠭᠠᠯᠳᠤᠭᠰᠠᠨ ᠥᠮᠥᠭᠯᠡᠭᠴᠢ ᠪᠣᠯᠵᠤ ᠵᠣᠪᠠᠯᠠᠩ ᠠ᠋ᠴᠠ ᠨᠠᠮ᠎ᠠ ‍ᠶ᠋ᠢ ᠰᠤᠯᠠᠯᠠᠨ᠎ᠠ ᠡ ᠃
ᠵᠢᠭᠵᠢᠳ ᠪᠤᠷᠬᠠᠨ ‍ᠢ ᠣᠯᠠᠨ ᠮᠣᠳᠣᠷ ᠎ᠲᠠᠢ ᠭᠡᠯᠴᠡᠨ᠎ᠡ ᠂
ᠵᠢᠵᠢᠭᠬᠡᠨ ᠡᠨᠡ ᠪᠡᠶ᠎ᠡ ᠴᠢᠨᠢ ᠲᠡᠭᠦᠨ ᠎ᠡᠴᠡ ᠴᠤ᠌ ᠣᠯᠠᠨ ᠭᠠᠷ ᠎ᠲᠠᠢ ᠃
ᠡᠯᠪᠡᠭ ᠶᠡᠬᠡ ᠬᠠᠶ᠋ᠢᠷ᠎ᠠ ᠂ ᠡᠵᠢ ᠭᠡᠳᠡᠭ ᠨᠡᠷ᠎ᠡ᠎ ᠲᠠᠨᠢ ᠂
ᠡᠨᠡ ᠣᠷᠴᠢᠯᠠᠩ ᠠ᠋ᠴᠠ  ᠣᠯᠣᠭᠰᠠᠨ ᠬᠠᠮᠤᠭ ‍ᠤᠨ ᠲᠣᠮᠣ ᠠᠯᠳᠠᠷ ᠡ
ᠵᠡᠭᠦᠦ ‍ᠶ᠋ᠢᠨ ᠰᠦᠪᠡᠭᠴᠢ ᠎ᠪᠡᠷ ᠪᠠᠭᠳᠠᠬᠤ ᠣᠨ ᠵᠢᠯ ‍ᠦᠨ ᠤᠷᠤᠰᠬᠠᠯ  ‍ᠳᠦ ᠂
ᠵᠦᠭᠡᠷ ᠯᠡ ᠳᠡᠷᠭᠡᠳᠡ ᠮᠢᠨᠢ ᠪᠠᠶ᠋ᠢᠵᠤ ᠬᠠᠶ᠋ᠢᠷᠠᠯᠠ !
ᠡᠵᠢ ᠡ ᠂ ᠭᠡᠵᠦ ᠲᠠᠭᠤᠳᠠᠬᠤ ᠪᠣᠯᠭᠠᠨ ‍ᠳᠤ ᠎ᠪᠠᠨ ᠪᠠᠶᠠᠷᠯᠠᠳᠠᠭ ᠂
ᠢᠵᠢᠯᠢ ᠬᠡᠳᠦᠨ ᠬᠡᠦᠬᠡᠳ ᠲᠤ ᠎ᠪᠡᠨ ᠤᠷᠲᠤ ᠨᠠᠰᠤᠯᠠᠵᠤ ᠬᠠᠶ᠋ᠢᠷᠠᠯᠠ ! 

   ᠦᠰᠦᠭ ᠠᠮᠢᠯᠠᠭᠤᠯᠤᠭᠴᠢ ᠄ ᠰᠡᠷᠭᠦᠯᠡᠩ
   ᠬᠢᠨᠠᠭᠴᠢ ᠄ ᠮᠦᠴᠢᠷ