ᠰᠠᠷ᠎ᠠ ᠰᠢᠨ᠎ᠡ ᠶ᠋ᠢᠨ ᠪᠠᠶᠠᠷ- ᠰ· ᠰᠡᠷᠴᠢᠮ᠎ᠡ· ᠯ· ᠪᠣᠯᠣᠳᠪᠠᠭᠠᠲᠤᠷ Сар шинийн баяр-с сэржим · л булуунбаатар ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠷ᠎ᠠ ᠰᠢᠨ᠎ᠡ ᠶ᠋ᠢᠨ ᠪᠠᠶᠠᠷ- ᠰ· ᠰᠡᠷᠴᠢᠮ᠎ᠡ· ᠯ· ᠪᠣᠯᠣᠳᠪᠠᠭᠠᠲᠤᠷ Сар шинийн баяр-с сэржим · л булуунбаатар

ᠰᠠᠷ᠎ᠠ ᠰᠢᠨ᠎ᠡ ᠶ᠋ᠢᠨ ᠪᠠᠶᠠᠷ- ᠰ· ᠰᠡᠷᠴᠢᠮ᠎ᠡ· ᠯ· ᠪᠣᠯᠣᠳᠪᠠᠭᠠᠲᠤᠷ Сар шинийн баяр-с сэржим · л булуунбаатар

ᠠᠩᠭᠢᠯᠠᠯ:ᠳᠠᠭᠤᠤ ᠬᠥᠭᠵᠢᠮ
2023-01-25

592

ᠰᠠᠷ᠎ᠠ ᠰᠢᠨ᠎ᠡ ᠶ᠋ᠢᠨ ᠪᠠᠶᠠᠷ


    ᠦᠭᠡ᠄ ᠴ· ᠠᠮᠤᠭᠤᠯᠠᠩ 
    ᠠᠶ᠎ᠠ᠄ ᠨ· ᠰᠠᠩᠵᠢ 
    ᠳᠠᠭᠤᠴᠢᠨ᠄ ᠰ· ᠰᠡᠷᠴᠢᠮ᠎ᠡ᠂ ᠯ· ᠪᠣᠯᠣᠳᠪᠠᠭᠠᠲᠤᠷ 

ᠴᠠᠢ ᠶ᠋ᠢᠨ ᠢ᠋ᠶ᠋ᠡᠨ ᠳᠡᠭᠡᠵᠢ ᠪᠡᠨ ᠤᠷᠭᠤᠬᠤ ᠨᠠᠷᠠᠨ ᠳ᠋ᠤ᠌ ᠪᠠᠨ ᠡᠷᠭᠦᠨ 
ᠴᠠᠭᠯᠠᠰᠢ ᠦᠭᠡᠢ ᠶᠡᠬᠡ ᠠᠷᠢᠭᠤᠰᠬᠤᠢ ᠳ᠋ᠤ᠌ ᠬᠣᠲᠠᠯᠠ ᠪᠠᠷ ᠢ᠋ᠶ᠋ᠠᠨ ᠴᠤᠭᠯᠠᠭᠰᠠᠨ 
ᠴᠠᠭ ᠲᠣᠭᠠᠯᠠᠯ ᠤ᠋ᠨ ᠬᠤᠸᠠᠩᠯᠢ ᠪᠤᠶᠠᠨ ᠤ᠋ ᠮᠥᠷ ᠢ᠋ ᠳᠠᠯᠠᠯᠤᠭᠰᠠᠨ 
ᠴᠠᠢᠯᠭᠠᠨ ᠰᠡᠳᠬᠢᠯ ᠦ᠋ᠨ ᠪᠡᠯᠭᠡᠳᠡᠯ ᠴᠠᠭᠠᠨ ᠰᠠᠷ᠎ᠠ ᠶ᠋ᠢᠨ ᠰᠢᠨ᠎ᠡ ᠶ᠋ᠢᠨ ᠪᠠᠶᠠᠷ ᠠ᠋ 

ᠥᠷᠭᠡᠨ ᠲᠦᠮᠡᠨ ᠢ᠋ᠶ᠋ᠡᠷ ᠢ᠋ᠶ᠋ᠡᠨ ᠦᠨᠳᠦᠰᠦ ᠰᠣᠶᠣᠯ ᠢ᠋ᠶ᠋ᠠᠷ ᠢ᠋ᠶ᠋ᠠᠨ ᠭᠣᠶᠣᠯᠠᠭᠰᠠᠨ 
ᠥᠨᠳᠥᠷ ᠨᠠᠰᠤᠲᠠᠳ ᠢ᠋ᠶ᠋ᠠᠨ ᠬᠦᠨᠳᠦᠯᠡᠨ ᠲᠣᠬᠣᠢ ᠳᠥᠰᠢᠨ ᠵᠣᠯᠭᠠᠭᠰᠠᠨ 
ᠥᠷᠭᠥᠭᠡ ᠭᠡᠷ ᠨᠢ ᠳᠡᠪᠵᠢᠬᠦ ᠶ᠋ᠢᠨ ᠳᠡᠭᠡᠳᠦ ᠪᠡᠷ ᠥᠩᠭᠡ ᠨᠡᠮᠡᠭᠰᠡᠨ
ᠥᠨᠢ ᠮᠥᠩᠬᠡ ᠶ᠋ᠢᠨ ᠪᠡᠯᠭᠡᠳᠡᠯ ᠴᠠᠭᠠᠨ ᠰᠠᠷ᠎ᠠ ᠶ᠋ᠢᠨ ᠰᠢᠨ᠎ᠡ ᠶ᠋ᠢᠨ ᠪᠠᠶᠠᠷ ᠠ᠋

ᠠᠮᠤᠷ ᠮᠡᠨᠳᠦ ᠶ᠋ᠢᠨ ᠵᠣᠯᠭᠠᠯᠲᠠ᠂ ᠠᠰᠢᠳᠠ ᠳᠡᠭᠡᠳᠦ ᠶ᠋ᠢᠨ ᠬᠦᠨᠳᠦᠯᠡᠯ
ᠠᠮᠤᠭᠤᠯᠠᠩ ᠳᠡᠭᠡᠳᠦ ᠶ᠋ᠢ ᠬᠤᠷᠤᠢᠯᠠᠭᠰᠠᠨ ᠰᠠᠷ᠎ᠠ ᠰᠢᠨ᠎ᠡ ᠶ᠋ᠢᠨ ᠪᠠᠶᠠᠷ ᠠ᠋

ᠤᠷᠲᠤ ᠶ᠋ᠢᠨ ᠳᠠᠭᠤᠨ ᠤ᠋ ᠰᠢᠷᠤᠩᠬᠠᠢ ᠠᠭᠤᠯᠠ ᠤᠰᠤ ᠪᠠᠨ ᠪᠠᠶᠠᠰᠬᠠᠨ
ᠤᠬᠠᠭᠠᠨᠲᠤ ᠪᠠᠯᠴᠢᠷ ᠦᠷᠡᠰ ᠨᠢ ᠤᠳᠤᠮ ᠤ᠋ᠨ ᠬᠡᠯᠬᠢᠶ᠎ᠡ ᠵᠠᠩᠭᠢᠳᠤᠭᠰᠠᠨ
ᠤᠷᠭ᠎ᠠ ᠪᠠᠷᠢᠭᠰᠠᠨ ᠠᠳᠤᠭᠤᠴᠢᠨ ᠤ᠋ ᠬᠡᠢᠮᠣᠷᠢ ᠶ᠋ᠢᠨ ᠵᠣ ᠨᠢ ᠪᠠᠳᠠᠷᠠᠭᠰᠠᠨ
ᠤᠳᠤᠮᠲᠤ ᠮᠠᠯᠴᠢᠨ ᠤ᠋ ᠪᠡᠯᠭᠡᠳᠡᠯ ᠴᠠᠭᠠᠨ ᠰᠠᠷ᠎ᠠ ᠶ᠋ᠢᠨ ᠰᠢᠨ᠎ᠡ ᠶ᠋ᠢᠨ ᠪᠠᠶᠠᠷ ᠠ᠋

ᠠᠮᠤᠷ ᠮᠡᠨᠳᠦ ᠶ᠋ᠢᠨ ᠵᠣᠯᠭᠠᠯᠲᠠ᠂ ᠠᠰᠢᠳᠠ ᠳᠡᠭᠡᠳᠦ ᠶ᠋ᠢᠨ ᠬᠦᠨᠳᠦᠯᠡᠯ
ᠠᠮᠤᠭᠤᠯᠠᠩ ᠳᠡᠭᠡᠳᠦ ᠶ᠋ᠢ ᠬᠤᠷᠤᠢᠯᠠᠭᠰᠠᠨ ᠰᠠᠷ᠎ᠠ ᠰᠢᠨ᠎ᠡ ᠶ᠋ᠢᠨ ᠪᠠᠶᠠᠷ ᠠ᠋
ᠠᠮᠤᠷ ᠮᠡᠨᠳᠦ ᠶ᠋ᠢᠨ ᠵᠣᠯᠭᠠᠯᠲᠠ᠂ ᠠᠰᠢᠳᠠ ᠳᠡᠭᠡᠳᠦ ᠶ᠋ᠢᠨ ᠬᠦᠨᠳᠦᠯᠡᠯ
ᠠᠮᠤᠭᠤᠯᠠᠩ ᠳᠡᠭᠡᠳᠦ ᠶ᠋ᠢ ᠬᠤᠷᠤᠢᠯᠠᠭᠰᠠᠨ ᠰᠠᠷ᠎ᠠ ᠰᠢᠨ᠎ᠡ ᠶ᠋ᠢᠨ ᠪᠠᠶᠠᠷ ᠠ᠋

  ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
  ᠦᠰᠦᠭ ᠬᠠᠲᠠᠭᠴᠢ᠄ ᠬᠠᠨ ᠱᠢ ᠵᠢᠶᠦ᠋ᠨ
  ᠬᠢᠨᠠᠭᠴᠢ᠄ ᠣᠳᠬᠠᠨᠰᠣ᠎ᠠ