ᠬᠦᠯᠢᠶᠡᠯᠲᠡ-ᠬ ᡀᠠᠭᠪᠠᠰᠦ᠋ᠷᠦᠩKhüleelt -Kh. LkhagvasürenХүлээлт -Х. Лхагвасүрэн_ Waiting
ᠬᠦᠯᠢᠶᠡᠯᠲᠡ-ᠬ ᡀᠠᠭᠪᠠᠰᠦ᠋ᠷᠦᠩ
ᠳᠠᠭᠤᠴᠢᠨ ᠄ ᠬ ᡀᠠᠭᠪᠠᠰᠦ᠋ᠷᠦᠩ
ᠺᠢᠲ᠋ᠠᠷᠴᠢᠨ ᠄ ᠥᠯᠵᠡᠢᠣ᠋ᠷᠣᠰᠢᠬᠤ
ᠦᠳᠡᠰᠢ ᠶᠢᠨ
ᠲᠩᠷᠢ ᠳᠦ ᠣᠳᠣᠳ ᠲᠦᠭᠡᠭᠡᠳ
ᠦᠵᠡᠰᠬᠦᠯᠡᠩᠲᠦ
ᠭᠣᠸ᠎ᠠ ᠴᠢ ᠮᠢᠨᠢ ᠢᠷᠡᠭᠡᠴᠢ
ᠨᠠᠮᠤᠭᠤᠬᠠᠨ
ᠪᠠᠢᠭᠠᠯᠢ ᠶᠢᠨ ᠴᠡᠴᠡᠭᠡᠰ ᠦᠨ ᠳᠤᠮᠳᠠ ᠡᠴᠡ
ᠴᠢᠮ᠎ᠠ ᠶᠢ ᠪᠠᠨ
ᠦᠭᠡᠢᠯᠡᠨ ᠬᠠᠷᠠᠭᠤᠯᠳᠠᠨ ᠵᠣᠭᠰᠣᠯ᠎ᠠ
ᠴᠢ ᠮᠢᠨᠢ
ᠨᠠᠳᠠ ᠳᠤ ᠪᠠᠨ ᠢᠷᠡᠭᠡᠴᠢ
ᠲᠩᠷᠢ ᠶᠢᠨ
ᠮᠠᠨᠳᠠᠯ ᠳᠤ ᠰᠠᠷᠠᠨ ᠤᠷᠭᠤᠭᠠᠳ
ᠣᠷᠴᠢᠯᠠᠩ
ᠭᠡᠷᠡᠯ ᠢᠶᠡᠨ ᠲᠦᠭᠡᠭᠡᠬᠦ ᠳᠦ
ᠲᠡᠷᠲᠡᠭᠡ ᠳᠦ
ᠠᠨᠢᠪᠴᠢᠬᠤ ᠣᠳᠣᠳ ᠤᠨ ᠲᠤᠶᠠᠭ᠎ᠠ
ᠲᠠᠩᠬᠢᠯᠬᠠᠨ
ᠴᠢᠮ᠎ᠠ ᠶᠢ ᠮᠢᠨᠢ ᠰᠠᠨᠠᠭᠳᠠᠭᠤᠯᠤᠨ᠎ᠠ
ᠴᠢ ᠮᠢᠨᠢ
ᠨᠠᠳᠠ ᠳᠤ ᠪᠠᠨ ᠢᠷᠡᠭᠡᠴᠢ
ᠦᠷ ᠦᠨ
ᠭᠡᠭᠡ ᠲᠤᠶᠠᠭᠠᠷᠠᠭᠠᠳ ᠪᠠᠢᠨ᠎ᠠ
ᠦᠵᠡᠰᠬᠦᠯᠡᠩᠲᠦ
ᠭᠣᠸ᠎ᠠ ᠴᠢ ᠮᠢᠨᠢ ᠢᠷᠡᠭᠡᠴᠢ
ᠦᠵᠡᠮᠵᠢᠲᠦ
ᠪᠠᠢᠭᠠᠯᠢ ᠶᠢᠨ ᠰᠡᠷᠢᠬᠦ ᠶᠢ ᠦᠵᠡᠭᠡᠳ
ᠦᠨᠡᠬᠡᠷ
ᠴᠢᠮ᠎ᠠ ᠲᠠᠢ ᠪᠠᠨ ᠠᠭᠤᠯᠵᠠᠬᠤ ᠰᠢᠭ᠋ ᠪᠣᠯᠤᠯ᠎ᠠ
ᠦᠷ
ᠴᠠᠢᠲᠠᠯ᠎ᠠ ᠪᠢ ᠬᠦᠯᠢᠶᠡᠯ᠎ᠡ
Хүлээлт
Дуучин : х лхагвасүрэн
Китарчин : өлзий-оршиху
Үдшийн тэнгэрт одод түгээд
Үзэсгэлэнт гоо чи минь ирээч
Намуухан байгалийн цэцэгсийн дундаас
Чамайгаа үгүйлэн харуулдан зогслоо
Чи минь наддаа ирээч
Тэнгэрийн мандалд саран ургаад
Орчлон гэрлээ түгээхэд
Тэртээд анивчих оддын туяа
Танхилхан чамайг минь санагдуулна
Чи минь наддаа ирээч
Үүрийн гэгээ туяараад байна
Үзэсгэлэнт гоо чи минь ирээч
Үзэмжит байгалийн сэрэхийг үзээд
Үнэхээр чамтайгаа уулзах шиг боллоо
Үүр цайтал би хүлээлээ
