ᠮᠣᠩᠭᠣᠯ ᠡᠷ᠎ᠡ ᠬᠥᠮᠦᠨ ᠠᠬ᠎ᠠ ᠮᠢᠨᠢ ᠳᠡ- ᠯ ᠪᠣᠯᠣᠳᠪᠠᠭᠠᠲᠤᠷМонгол эр хүн ах минь да-л болдбаатар ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠷ᠎ᠡ ᠬᠥᠮᠦᠨ ᠠᠬ᠎ᠠ ᠮᠢᠨᠢ ᠳᠡ- ᠯ ᠪᠣᠯᠣᠳᠪᠠᠭᠠᠲᠤᠷМонгол эр хүн ах минь да-л болдбаатар

ᠮᠣᠩᠭᠣᠯ ᠡᠷ᠎ᠡ ᠬᠥᠮᠦᠨ ᠠᠬ᠎ᠠ ᠮᠢᠨᠢ ᠳᠡ- ᠯ ᠪᠣᠯᠣᠳᠪᠠᠭᠠᠲᠤᠷМонгол эр хүн ах минь да-л болдбаатар

ᠠᠩᠭᠢᠯᠠᠯ:ᠳᠠᠭᠤᠤ ᠬᠥᠭᠵᠢᠮ
2023-01-23

276

ᠮᠣᠩᠭᠣᠯ ᠡᠷ᠎ᠡ ᠬᠥᠮᠦᠨ ᠠᠬ᠎ᠠ ᠮᠢᠨᠢ ᠳᠡ

     ᠦᠭᠡ ᠄    ᠪᠠᠶᠠᠨᠮᠥ᠋ᠩᠬᠡ
     ᠠᠶ᠎ᠠ ᠄ ᠪ ᠪᠢᠮᠪᠠᠪᠠᠶᠠᠷ

     ᠯ ᠪᠣᠯᠣᠳᠪᠠᠭᠠᠲᠤᠷ  ᠳᠠᠭᠤᠯᠠᠨ᠎ᠠ


ᠪᠠᠶ᠋ᠢᠭᠠᠯᠢ ᠳᠡᠯᠡᠬᠡᠢ ᠶ᠋ᠢ ᠠᠷᠭᠠᠲᠠᠵᠤ
ᠠᠶᠠᠰ ᠊ᠢ ᠲᠠᠨᠢᠬᠰᠠᠨ ᠤᠬᠠᠭᠠᠨ ᠲᠠᠢ
ᠪᠠᠯᠴᠢᠷ ᠵᠢᠭᠠᠬᠠᠨ ᠳᠡᠭᠦᠦ ᠨᠡᠷ ᠶ᠋ᠢᠠᠨ
ᠠᠮᠢᠲᠤᠷᠠᠯ ᠳᠤ ᠬᠥᠲᠥᠯᠦᠭᠰᠡᠨ ᠠᠴᠢᠯᠠᠯ ᠲᠠᠢ
ᠪᠤᠭᠤᠷᠤᠯ ᠡᠪᠦᠭᠡᠳ ᠦ᠋ᠨ ᠡᠷᠲᠡᠮ ᠊ᠢ ᠪᠡᠨ
ᠥᠪᠯᠡᠵᠦ ᠤᠬᠠᠭᠠᠷᠠᠭᠰᠠᠨ ᠪᠤᠲᠤᠷᠤᠯ 
ᠪᠠᠭᠤᠵᠤ ᠯᠡ ᠮᠣᠷᠲᠠᠬᠤ ᠽᠠᠮᠪᠤᠯᠢᠩ
ᠬᠥᠮᠦᠨ ᠪ ᠲᠡᠭᠡᠲᠦ ᠨᠢ ᠠᠬ᠎ᠠ ᠮᠢᠨᠢ ᠳ᠋ᠡ


ᠬᠠᠩᠭᠠᠢ ᠶ᠋ᠢᠨ ᠬᠡᠰᠢᠭ ᠬᠦᠷᠲᠡᠵᠦ
ᠭᠠᠨᠵᠤᠬ᠋᠎ᠠ ᠮᠢᠯᠢᠶᠠᠭᠰᠠᠨ ᠬᠡᠶ᠋ᠢᠮᠣᠷᠢ ᠲᠠᠢ
ᠬᠠᠯᠬ᠎ᠠ ᠶ᠋ᠢᠨ ᠡᠷᠡᠴᠦᠦᠯ ᠲᠠᠨᠢᠯᠴᠠᠵᠤ
ᠲᠦᠷᠦᠭᠡ ᠬᠠᠷᠰᠢᠭᠤᠯᠤᠭᠰᠠᠨ ᠵᠣᠯᠪᠣᠬ᠋᠎ᠠ ᠲᠠᠢ
ᠠᠲᠤᠭᠤᠨ ᠪᠡᠯᠴᠢᠭᠡᠷ ᠲᠤ᠌ ᠨᠠᠷᠠ ᠳᠠᠭᠠᠭᠠᠳ
ᠳᠠᠭᠤᠤ ᠪᠠᠨ ᠠᠶᠠᠯᠤᠭᠰᠠᠨ ᠤᠶᠠᠩᠬ᠋᠎ᠠ ᠲᠠᠢ
ᠠᠶ᠋ᠢᠯ ᠬᠣᠲᠠᠯᠠ ᠶ᠋ᠢᠡᠨ ᠲᠦᠮᠡᠨ ᠳ᠋ᠡᠭᠡᠨ
ᠲᠦᠰᠢᠭ ᠲᠡᠢ ᠨᠦᠮᠦᠷᠢ ᠲᠡᠢ ᠠᠬ᠎ᠠ ᠮᠢᠨᠢ ᠳ᠋ᠡ
ᠳᠠᠭᠤᠤ ᠲᠠᠢ ᠨᠠᠶ᠋ᠢᠷ ᠦ᠋ᠨ ᠬᠣᠢᠮᠣᠷ ᠲᠤ
ᠬᠦᠨᠲᠦᠯᠡᠭᠦᠯᠵᠦ ᠲᠡᠭᠡᠭᠰᠢᠯᠠᠬᠦ ᠰᠠᠭᠤᠲᠠᠯ ᠲᠠᠢ
ᠲᠤᠤᠯᠢᠮ᠎ᠠ ᠴᠡᠩᠬᠡᠷ ᠣᠷᠴᠢᠯᠠᠩ ᠦ᠋ᠨ
ᠮᠣᠩᠭᠣᠯ ᠡᠷ᠎ᠡ ᠬᠥᠮᠦᠨ ᠠᠬ᠎ᠠ ᠮᠢᠨᠢ ᠳ᠋ᠡ

ᠠᠭᠤᠯᠵᠠᠭᠰᠠᠨ ᠬᠥᠮᠦᠨ ᠨᠦᠬᠦᠷᠯᠡᠭᠡᠳ
ᠬᠤᠯᠠᠲᠠᠬᠤ ᠶ᠋ᠢᠨ ᠠᠷᠬ᠋᠎ᠠ ᠦᠭᠡᠢ ᠵᠤᠲᠠᠭ ᠲᠠᠢ
ᠤᠨᠠᠭᠠᠨ ᠨᠤᠲᠤᠭ ᠣᠷᠭᠢᠯ ᠦᠭᠡᠢ
ᠡᠵᠡᠨ ᠲᠡᠢ ᠪᠠᠶ᠋ᠢᠯᠭᠠᠬᠤ ᠶ᠋ᠢᠨ ᠰᠡᠤᠠᠬᠢᠯ ᠲᠡᠢ
ᠥᠲᠡᠭᠦᠰ ᠨᠢᠯᠬᠠᠰ ᠠᠯᠢᠨ ᠳᠤ ᠴᠦ᠍
ᠲᠤᠰᠠᠯᠠᠵᠤ ᠳᠡᠮᠵᠢᠬᠦ ᠶ᠋ᠢᠨ ᠵᠢᠤᠠᠬᠦᠯ ᠲᠡᠢ
ᠦᠭᠡᠲᠡᠯᠡᠬᠦ ᠤᠷᠤᠭᠤᠲᠠᠬᠤ ᠬᠣᠷᠸ᠋᠎ᠠ ᠶ᠋ᠢᠨ
ᠥᠩᠭᠡ ᠶ᠋ᠢ ᠲᠠᠨᠢᠭᠤᠯᠤᠭᠰᠠᠨ ᠠᠬ᠎ᠠ ᠮᠢᠨᠢ ᠳ᠋ᠡ
ᠳᠠᠭᠤᠤ ᠲᠠᠢ ᠨᠠᠶ᠋ᠢᠷ ᠦ᠋ᠨ  ᠬᠣᠢᠮᠣᠷ ᠲᠤ
ᠬᠥᠨᠲᠥᠯᠭᠦᠯᠡᠵᠤ ᠲᠡᠭᠡᠭᠰᠢᠯᠠᠬᠦ ᠰᠠᠭᠤᠲᠠᠯ ᠲᠠᠢ
ᠲᠤᠤᠯᠢᠮ᠎ᠠ ᠴᠡᠩᠬᠡᠷ ᠣᠷᠴᠢᠯᠠᠩ ᠦ᠋ᠨ
ᠮᠣᠩᠭᠣᠯ ᠡᠷ᠎ᠡ ᠬᠥᠮᠦᠨ ᠠᠬ᠎ᠠ ᠮᠢᠨᠢ ᠳ᠋ᠡ