ᠮᠠᠷᠲᠠᠭᠲᠠᠰᠢ ᠦᠭᠡᠢ ᠮᠣᠩᠭᠣᠯ ᠰᠣᠶᠣᠯ- ᠡᠷᠲᠡᠨᠢᠰᠦᠢ᠍ᠬᠡ᠂ ᠪᠠᠳᠮᠠᠴᠢᠮᠡᠭМартагдашгүй монгол соёл-Эрдэнэсүх, Бадмаачимгээ ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠷᠲᠠᠭᠲᠠᠰᠢ ᠦᠭᠡᠢ ᠮᠣᠩᠭᠣᠯ ᠰᠣᠶᠣᠯ- ᠡᠷᠲᠡᠨᠢᠰᠦᠢ᠍ᠬᠡ᠂ ᠪᠠᠳᠮᠠᠴᠢᠮᠡᠭМартагдашгүй монгол соёл-Эрдэнэсүх, Бадмаачимгээ

ᠮᠠᠷᠲᠠᠭᠲᠠᠰᠢ ᠦᠭᠡᠢ ᠮᠣᠩᠭᠣᠯ ᠰᠣᠶᠣᠯ- ᠡᠷᠲᠡᠨᠢᠰᠦᠢ᠍ᠬᠡ᠂ ᠪᠠᠳᠮᠠᠴᠢᠮᠡᠭМартагдашгүй монгол соёл-Эрдэнэсүх, Бадмаачимгээ

ᠠᠩᠭᠢᠯᠠᠯ:ᠳᠠᠭᠤᠤ ᠬᠥᠭᠵᠢᠮ
2023-01-21

324

ᠮᠠᠷᠲᠠᠭᠲᠠᠰᠢ ᠦᠭᠡᠢ ᠮᠣᠩᠭᠣᠯ ᠰᠣᠶᠣᠯ- ᠡᠷᠲᠡᠨᠢᠰᠦᠢ᠍ᠬᠡ᠂ ᠪᠠᠳᠮᠠᠴᠢᠮᠡᠭ

       ᠰᠢᠯᠦᠭ ᠠᠶ᠎ᠠ ᠄ᠰ ᠂ ᠮᠠᠰᠢᠪᠢᠯᠢᠭ᠌

       ᠳᠠᠭᠤᠴᠢᠨ ᠄ ᠡᠷᠲᠡᠨᠢᠰᠦᠢ᠍ᠬᠡ
                  ᠪᠠᠳᠮᠠᠴᠢᠮᠡᠭ

ᠮᠥᠩᠬᠡ ᠲᠡᠭᠷᠢ ‍ᠶ᠋ᠢᠨ ᠳᠣᠯᠣᠭᠠᠨ ᠪᠤᠷᠬᠠᠨ ‍ᠢᠶ᠋ᠠᠷ
ᠮᠣᠩᠭᠣᠯ ᠳᠣᠯᠣᠭᠠᠨ ᠡᠬᠡᠰᠢᠭ ‍ᠢᠶ᠋ᠡᠨ ᠡᠭᠦᠳᠦᠭᠰᠡᠨ
ᠬᠣᠷᠢᠨ ᠳᠥᠷᠪᠡᠨ ᠪᠠᠶ᠋ᠢᠭᠠᠯᠢ ‍ᠶ᠋ᠢᠨ ᠦᠵᠡᠭᠳᠡᠯ ‍ᠢᠶ᠋ᠠᠷ
ᠬᠣᠷᠢᠨ ᠳᠥᠷᠪᠡᠨ ᠭᠡᠶ᠋ᠢᠭᠦᠯᠦᠭᠴᠢ ᠎ᠪᠡᠨ ᠪᠦᠲᠦᠭᠡᠭᠰᠡᠨ
ᠬᠡᠵᠢᠶᠡᠳᠡ ᠮᠣᠩᠭᠣᠯ ‍ᠢᠶ᠋ᠠᠷ ‍ᠢᠶ᠋ᠠᠨ ᠪᠠᠶ᠋ᠢᠶ᠎ᠠ ᠭᠡᠪᠡᠯ
ᠮᠣᠩᠭᠣᠯ ᠦᠭᠡ ᠎ᠪᠡᠨ ᠶᠠᠷᠢᠵᠤ ᠶᠠᠪᠤᠶ᠎ᠠ
ᠬᠡᠵᠢᠶᠡᠳᠡ ᠮᠣᠩᠭᠣᠯ ‍ᠢᠶ᠋ᠠᠷ ‍ᠢᠶ᠋ᠠᠨ ᠪᠠᠶ᠋ᠢᠶ᠎ᠠ ᠭᠡᠪᠡᠯ
ᠮᠣᠩᠭᠣᠯ ᠦᠰᠦᠭ ‍ᠢᠶ᠋ᠡᠨ ᠰᠤᠷᠴᠤ ᠶᠠᠪᠤᠶ᠎ᠠ

ᠵᠠᠩᠭᠠᠷ ᠭᠡᠰᠡᠷ ‍ᠦᠨ ᠲᠤᠤᠯᠢᠰ ‍ᠤᠨ ᠤᠯᠠᠮᠵᠢᠯᠠᠯ
ᠽᠠᠮᠪᠤᠲᠢᠪ ᠎ᠲᠦ᠍ ᠎ᠪᠡᠨ ᠮᠣᠩᠭᠣᠯ ‍ᠢᠶ᠋ᠠᠨ ᠭᠠᠶ᠋ᠢᠬᠠᠭᠤᠯᠤᠭᠰᠠᠨ
ᠭᠤᠷᠪᠠᠨ ᠴᠢᠯᠠᠭᠤ ᠎ᠪᠠᠷ ᠲᠤᠯᠭ᠎ᠠ ᠎ᠪᠠᠨ ᠪᠣᠰᠬᠠᠭᠠᠳ
ᠭᠤᠷᠪᠠᠨ ᠲᠤᠯᠭᠤᠷ ᠪᠢᠴᠢᠭ ‍ᠢᠶ᠋ᠡᠨ ᠵᠣᠬᠢᠶᠠᠭᠰᠠᠨ
ᠬᠡᠵᠢᠶᠡᠳᠡ ᠮᠣᠩᠭᠣᠯ ‍ᠢᠶ᠋ᠠᠷ ‍ᠢᠶ᠋ᠠᠨ ᠪᠠᠶ᠋ᠢᠶ᠎ᠠ ᠭᠡᠪᠡᠯ
ᠮᠣᠩᠭᠣᠯ ᠰᠣᠶᠣᠯ ‍ᠢᠶ᠋ᠠᠨ ᠪᠠᠳᠠᠷᠠᠭᠤᠯᠵᠤ ᠶᠠᠪᠤᠶ᠎ᠠ
ᠬᠡᠵᠢᠶᠡᠳᠡ ᠮᠣᠩᠭᠣᠯ ‍ᠢᠶ᠋ᠠᠷ ‍ᠢᠶ᠋ᠠᠨ ᠪᠠᠶ᠋ᠢᠶ᠎ᠠ ᠭᠡᠪᠡᠯ
ᠮᠣᠩᠭᠣᠯ ᠲᠡᠦᠬᠡ ᠎ᠪᠡᠨ ᠳᠠᠭᠤᠯᠠᠵᠤ ᠶᠠᠪᠤᠶ᠎ᠠ

ᠲᠠᠪᠤᠨ ᠬᠣᠰᠢᠭᠤ ᠮᠠᠯ ‍ᠢᠶ᠋ᠠᠨ ᠥᠰᠬᠡᠭᠡᠳ
ᠳᠠᠷᠬᠠᠨ ᠮᠣᠩᠭᠣᠯ ᠵᠠᠩᠰᠢᠯ ‍ᠢᠶ᠋ᠠᠨ ᠬᠠᠳᠠᠭᠠᠯᠠᠭᠰᠠᠨ
ᠡᠵᠡᠨ ᠴᠢᠩᠭᠢᠰ ‍ᠦᠨ ᠬᠥᠷᠥᠭ ‍ᠢ ᠳᠠᠬᠢᠵᠤ ᠪᠠᠶ᠋ᠢᠭᠠᠳ
ᠡᠪᠦᠭᠡ ᠳᠡᠭᠡᠳᠦᠰ ‍ᠦᠨ ᠭᠣᠯᠣᠮᠲᠠ ‍ᠶ᠋ᠢ ᠵᠠᠯᠭᠠᠮᠵᠢᠯᠠᠭᠰᠠᠨ
ᠬᠡᠵᠢᠶᠡᠳᠡ ᠮᠣᠩᠭᠣᠯ ‍ᠢᠶ᠋ᠠᠷ ‍ᠢᠶ᠋ᠠᠨ ᠪᠠᠶ᠋ᠢᠶ᠎ᠠ ᠭᠡᠪᠡᠯ
ᠮᠣᠩᠭᠣᠯ ᠣᠷᠣᠨ ‍ᠢᠶ᠋ᠠᠨ ᠥᠮᠴᠢᠯᠡᠵᠦ ᠶᠠᠪᠤᠶ᠎ᠠ
ᠬᠡᠵᠢᠶᠡᠳᠡ ᠮᠣᠩᠭᠣᠯ ‍ᠢᠶ᠋ᠠᠷ ‍ᠢᠶ᠋ᠠᠨ ᠪᠠᠶ᠋ᠢᠶ᠎ᠠ ᠭᠡᠪᠡᠯ
ᠮᠣᠩᠭᠣᠯ ᠰᠡᠳᠬᠢᠯ ‍ᠢᠶ᠋ᠡᠨ ᠬᠣᠯᠪᠣᠵᠤ ᠶᠠᠪᠤᠶ᠎ᠠ
ᠮᠣᠩᠭᠣᠯ ᠰᠡᠳᠬᠢᠯ ‍ᠢᠶ᠋ᠡᠨ ᠬᠣᠯᠪᠣᠵᠤ ᠶᠠᠪᠤᠶ᠎ᠠ