ᠡᠵᠢ  ᠳᠦ  ᠪᠡᠨ ᠪᠢ ᠣᠴᠢᠯ᠎ᠠ- ᠷ ᠭᠠᠩᠪᠠᠭᠠᠲᠤᠷЭэждээ би очлоо-р ганбаатар ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ  ᠳᠦ  ᠪᠡᠨ ᠪᠢ ᠣᠴᠢᠯ᠎ᠠ- ᠷ ᠭᠠᠩᠪᠠᠭᠠᠲᠤᠷЭэждээ би очлоо-р ганбаатар

ᠡᠵᠢ  ᠳᠦ  ᠪᠡᠨ ᠪᠢ ᠣᠴᠢᠯ᠎ᠠ- ᠷ ᠭᠠᠩᠪᠠᠭᠠᠲᠤᠷЭэждээ би очлоо-р ганбаатар

ᠠᠩᠭᠢᠯᠠᠯ:ᠳᠠᠭᠤᠤ ᠬᠥᠭᠵᠢᠮ
2023-01-21

304

ᠡᠵᠢ  ᠳᠦ  ᠪᠡᠨ ᠪᠢ ᠣᠴᠢᠯ᠎ᠠ

  ᠦᠭᠡ ᠄ ᠎ᠪ ᠳᠠᠰᠢᠵᠡᠪᠡᠭ
  ᠠᠶ᠎ᠠ᠄ ᠷ ᠭᠠᠩᠪᠠᠭᠠᠲᠤᠷ

ᠠᠯᠳᠠᠷ ‍ᠢ ᠨᠢ ᠳᠤᠷᠠᠰᠤᠭᠠᠳ ᠮᠠᠭᠲᠠᠭᠠᠯ ᠰᠣᠨᠣᠰᠬᠤ ‍ᠳᠦ ᠎ᠪᠡᠨ
ᠠᠶᠠᠯᠬᠤ ᠵᠢᠷᠦᠬᠡ ᠎ᠪᠡᠨ ᠳᠠᠷᠤᠵᠤ ᠶᠠᠳᠠᠨ ᠴᠢᠩᠨᠠᠪᠠ
ᠠᠮᠢᠨ ᠬᠣᠯᠪᠣᠭ᠎ᠠ ᠲᠠᠢ ᠰᠠᠶ᠋ᠢᠬᠠᠨ ᠡᠵᠢ ‍ᠳᠤ ᠎ᠪᠠᠨ
ᠬᠠᠶ᠋ᠢᠯᠠᠨ ᠬᠥᠭᠡᠷᠦᠨ ᠳᠣᠭᠣᠯᠭᠠᠭᠠᠷᠠᠢ ᠭᠡᠪᠡ ‍ᠤᠤ ᠳ᠋ᠠ
ᠡᠷᠭᠢᠵᠦ ᠵᠣᠯᠭᠠᠬᠤ ‍ᠶ᠋ᠢᠨ ᠡᠷᠬᠢᠮ ᠳᠡᠭᠡᠳᠦ
ᠡᠵᠢ ‍ᠳᠤ ᠎ᠪᠠᠨ ᠪᠢ ᠣᠴᠢᠯ᠎ᠠ ᠳ᠋ᠠ
ᠡᠵᠢ ᠎ᠲᠡᠢ ᠬᠥᠮᠦᠨ ᠵᠢᠷᠭᠠᠳᠠᠭ ᠶᠤᠮ ᠡ
ᠡᠵᠢ ‍ᠳᠤ ᠎ᠪᠠᠨ ᠪᠢ ᠣᠴᠢᠯ᠎ᠠ ᠳ᠋ᠠ

ᠲᠥᠭᠡᠷᠭᠡ ᠲᠠᠪᠢᠯᠠᠩ ‍ᠢᠶ᠋ᠠᠷ ᠤᠨᠤᠵᠤ ᠠᠯᠳᠠᠬᠤ ‍ᠳᠤ ᠎ᠪᠠᠨ
ᠲᠦᠭᠰᠢᠬᠦ ᠵᠢᠷᠦᠬᠡ ᠎ᠪᠡᠨ ᠲᠣᠭᠲᠠᠭᠠᠨ ᠪᠠᠶ᠋ᠢᠵᠤ ᠬᠠᠶ᠋ᠢᠯᠠᠪᠠ 
ᠲᠡᠨᠢᠭᠦᠨ ᠤᠬᠠᠭᠠᠨ ᠎ᠲᠠᠢ ᠲᠦᠰᠢᠭ ᠡᠵᠢ ‍ᠳᠦ ᠎ᠪᠡᠨ
ᠲᠦᠷᠭᠡᠨ ᠶᠠᠭᠠᠷᠠᠨ ᠬᠦᠯᠢᠶᠡᠯ᠎ᠡ ᠭᠡᠪᠡ ‍ᠤᠤ ᠳ᠋ᠠ
ᠡᠷᠭᠢᠵᠦ ᠵᠣᠯᠭᠠᠬᠤ ‍ᠶ᠋ᠢᠨ ᠡᠷᠬᠢᠮ ᠳᠡᠭᠡᠳᠦ
ᠡᠵᠢ ‍ᠳᠤ ᠎ᠪᠠᠨ ᠪᠢ ᠣᠴᠢᠯ᠎ᠠ ᠳ᠋ᠠ
ᠡᠵᠢ ᠎ᠲᠡᠢ ᠬᠥᠮᠦᠨ ᠡᠨᠳᠡᠳᠡᠭ ᠥᠬᠡᠢ ᠭᠡᠨ᠎ᠡ ᠯᠡ
ᠡᠵᠢ ‍ᠳᠤ ᠎ᠪᠠᠨ ᠪᠢ ᠣᠴᠢᠯ᠎ᠠ ᠳ᠋ᠠ

ᠬᠠᠨᠢ ᠢᠵᠢᠯᠢ ᠎ᠳ᠋ᠦ᠍ ᠎ᠪᠡᠨ ᠲᠤᠨᠢᠨ ᠭᠣᠮᠣᠳᠠᠬᠤ ‍ᠳᠤ ᠎ᠪᠠᠨ
ᠬᠠᠮᠤᠭ ᠠ᠋ᠴᠠ ᠳᠣᠲᠣᠨᠣ ᠎ᠪᠠᠨ ᠪᠠᠷᠢᠵᠤ ᠶᠠᠳᠠᠨ ᠳᠤᠷᠠᠰᠪᠠ
ᠬᠣᠶᠠᠷ ᠣᠯᠳᠠᠬᠤ ᠦᠭᠡᠢ ᠭᠠᠭᠴᠠᠬᠠᠨ ᠡᠵᠢ ‍ᠳᠤ ᠎ᠪᠠᠨ
ᠬᠠᠶ᠋ᠢᠯᠠᠨ ᠤᠬᠢᠯᠠᠨ ᠣᠴᠢᠭᠠᠷᠠᠢ ᠭᠡᠪᠡ ‍ᠤᠤ ᠳ᠋ᠠ
ᠡᠷᠭᠢᠵᠦ ᠵᠣᠯᠭᠠᠬᠤ ‍ᠶ᠋ᠢᠨ ᠡᠷᠬᠢᠮ ᠳᠡᠭᠡᠳᠦ
ᠡᠵᠢ ‍ᠳᠦ ᠎ᠪᠡᠨ ᠪᠢ ᠣᠴᠢᠯ᠎ᠠ ᠳ᠋ᠠ
ᠡᠵᠢ ‍ᠳᠦ ᠎ᠪᠡᠨ ᠬᠦᠦ ᠨᠢ ᠡᠷᠭᠡᠯᠡᠳᠡᠭ ᠶᠤᠮ ᠡ
ᠡᠵᠢ ‍ᠳᠦ ᠎ᠪᠡᠨ ᠪᠢ ᠣᠴᠢᠯ᠎ᠠ ᠳ᠋ᠠ

ᠡᠵᠢ ᠎ᠲᠡᠢ ᠬᠥᠮᠦᠨ ᠵᠢᠷᠭᠠᠳᠠᠭ ᠶᠤᠮ ᠡ
ᠡᠵᠢ ‍ᠳᠦ ᠎ᠪᠡᠨ ᠪᠢ ᠣᠴᠢᠯ᠎ᠠ ᠳ᠋ᠠ