ᠤᠬᠠᠭᠠᠷᠠᠵᠤ ᠠᠮᠢᠲᠤᠷᠠᠬᠤ ᠬᠣᠷᠸ᠋᠎ᠠ-ᠳᠠᠰᠢᠳᠠᠮᠪᠠᠷᠠᠯУхаарч амьдарах хорво ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠬᠠᠭᠠᠷᠠᠵᠤ ᠠᠮᠢᠲᠤᠷᠠᠬᠤ ᠬᠣᠷᠸ᠋᠎ᠠ-ᠳᠠᠰᠢᠳᠠᠮᠪᠠᠷᠠᠯУхаарч амьдарах хорво

ᠤᠬᠠᠭᠠᠷᠠᠵᠤ ᠠᠮᠢᠲᠤᠷᠠᠬᠤ ᠬᠣᠷᠸ᠋᠎ᠠ-ᠳᠠᠰᠢᠳᠠᠮᠪᠠᠷᠠᠯУхаарч амьдарах хорво

ᠠᠩᠭᠢᠯᠠᠯ:ᠳᠠᠭᠤᠤ ᠬᠥᠭᠵᠢᠮ
2023-01-19

302

ᠤᠬᠠᠭᠠᠷᠠᠵᠤ ᠠᠮᠢᠲᠤᠷᠠᠬᠤ ᠬᠣᠷᠸ᠋᠎ᠠ

  ᠦᠭᠡ ᠄ ᠯ  ᠳᠠᠭᠸᠠᠳᠣᠷᠵᠢ
  ᠠᠶ᠎ᠠ ᠄     ᠳ᠋ᠠᠰᠢᠨᠢᠮ᠎ᠠ
  ᠳᠠᠭᠤᠴᠢᠨ ᠄ ᠳᠠᠰᠢᠳᠠᠮᠪᠠᠷᠠᠯ
ᠪᠠᠭᠤᠵᠤ ᠮᠣᠷᠲᠠᠬᠤ᠎ ᠳᠤ ᠪᠠᠨ
ᠪᠤᠭᠤᠷᠤᠯ ᠠᠪᠤ᠋ ᠮᠢᠨᠢ
ᠢᠨᠢᠶᠡᠵᠦ ᠶᠠᠪᠤᠲᠠᠭ ᠦ᠋ᠨ ᠤᠴᠢᠷ ᠊ᠢ ᠬᠡᠯᠡ ᠳ᠋ᠡ
ᠳᠠᠭᠤᠯᠠᠵᠤ ᠰᠠᠭᠤᠲᠠᠭ ᠪᠣᠶᠠᠨᠲᠠᠢ ᠡᠵᠢ ᠮᠢᠨᠢ
ᠣᠭᠢᠯᠠᠵᠤ ᠪᠠᠶ᠋ᠢᠲᠠᠭ ᠦ᠋ᠨ ᠤᠬᠠᠭᠠᠨ ᠊ᠢ ᠣᠯᠤᠶ᠎ᠠ ᠳ᠋ᠠ
ᠤᠬᠠᠭᠠᠷᠠᠵᠤ ᠠᠮᠢᠲᠤᠷᠠᠬᠤ ᠬᠣᠷᠸ᠋᠎ᠠ ᠭᠡᠵᠦ
ᠦᠷ᠎ᠡ ᠴᠢᠮ᠎ᠠ᠎ ᠳᠤ ᠪᠠᠨ ᠬᠡᠯᠡᠭᠡᠳ ᠯᠡ ᠪᠠᠶ᠋ᠢᠬ᠋᠎ᠠ ᠶᠤᠮ ᠰᠢᠦ ᠳ᠋ᠠ


ᠬᠦᠯ ᠬᠦᠨᠲᠦ ᠲᠡᠢ ᠪᠦᠰᠡᠭᠦᠢ ᠶ᠋ᠢᠨ ᠡᠮᠦᠨᠡᠭᠦᠷ
ᠬᠦᠨᠲᠡᠯᠡᠨ ᠭᠠᠷᠲᠠᠭ ᠦᠭᠡᠢ ᠶ᠋ᠢᠨ ᠤᠴᠢᠷ ᠊ᠢ ᠠᠰᠠᠭᠤ ᠳ᠋ᠠ
ᠨᠠᠰᠤᠲᠠᠢ ᠬᠥᠮᠦᠨ ᠪ ᠲᠣᠬᠣᠢ ᠶ᠋ᠢ ᠡᠷᠭᠦᠵᠦ
ᠮᠡᠨᠲᠦᠯᠡᠨ ᠵᠣᠯᠭᠠᠲᠠᠭ ᠦ᠋ᠨ ᠤᠴᠢᠷ ᠊ᠢ ᠮᠡᠲᠡ ᠳ᠋ᠠ
ᠤᠬᠠᠭᠠᠷᠠᠵᠤ ᠠᠮᠢᠲᠤᠷᠠᠬᠤ ᠬᠣᠷᠸ᠋᠎ᠠ ᠭᠡᠵᠦ
ᠦᠷ᠎ᠡ ᠴᠢᠮ᠎ᠠ᠎ ᠳᠤ ᠪᠠᠨ ᠬᠡᠯᠡᠭᠡᠳ ᠯᠡ ᠪᠠᠶ᠋ᠢᠬ᠋᠎ᠠ ᠶᠤᠮ ᠰᠢᠦ ᠳ᠋ᠡ

ᠦᠷᠦᠭᠡᠯ ᠊ᠢ ᠵᠢᠷᠭᠠᠭᠠᠵᠤ ᠳᠠᠭᠤᠯᠠᠵᠤ ᠶᠠᠪᠤᠬᠤ᠎ ᠳᠤ
ᠦᠪᠡᠷ ᠶ᠋ᠢᠡᠨ ᠵᠢᠷᠭᠠᠲᠠᠭ ᠰᠡᠤᠠᠬᠢᠯ ᠊ᠢ ᠲᠠᠨᠢ ᠳ᠋ᠠ
ᠦᠢᠯᠡ ᠦᠢᠯᠡᠰ ᠦ᠋ᠨ ᠣᠴᠢᠬ ᠦ᠋ᠨ ᠲᠡᠭᠦᠰᠬᠡᠯ ᠊ᠢ
ᠦᠷᠭᠦᠯᠵᠢᠯᠠᠭᠦᠯᠵᠦ ᠰᠦᠪᠡᠯᠡᠬᠦ ᠪᠡᠷ ᠣᠷᠬᠢᠲᠠᠭ ᠊ᠢ ᠪᠣᠲᠣ ᠳ᠋ᠠ
ᠤᠬᠠᠭᠠᠷᠠᠵᠤ ᠠᠮᠢᠲᠤᠷᠠᠬᠤ ᠬᠣᠷᠸ᠋᠎ᠠ ᠭᠡᠵᠦ
ᠦᠷ᠎ᠡ ᠴᠢᠮ᠎ᠠ᠎ ᠳᠤ ᠪᠠᠨ ᠬᠡᠯᠡᠭᠡᠳ ᠯᠡ ᠪᠠᠶ᠋ᠢᠬ᠋᠎ᠠ ᠶᠤᠮ ᠰᠢᠦ ᠳ᠋ᠡ


ᠥᠷᠯᠥᠭᠡ ᠪᠣᠰᠬᠤ᠎ ᠳᠤ ᠪᠠᠨ ᠲᠩᠷᠢ ᠶ᠋ᠢ ᠠᠵᠢᠬᠯᠠᠨ
ᠳᠡᠯᠡᠬᠡᠢ ᠶ᠋ᠢᠨ ᠠᠷᠠᠨᠰᠢᠨ ᠊ᠢ ᠲᠠᠨᠢᠲᠠᠭ ᠊ᠢ ᠣᠯ ᠳ᠋ᠠ
ᠦᠭᠡᠲᠡ ᠨᠢ ᠤᠷᠢᠬᠤ᠎ ᠳᠤ ᠪᠠᠨ ᠰᠡᠤᠠᠬᠢᠯ ᠊ᠢ ᠨᠢ ᠲᠠᠨᠢᠵᠤ
ᠰᠥ᠋ ᠪᠡᠨ ᠡᠷᠭᠦᠲᠡᠭ᠋ ᠦ᠋ᠨ ᠰᠠᠨᠠᠬ᠋᠎ᠠ ᠶ᠋ᠢ ᠬᠡᠯᠡ ᠳ᠋ᠡ
ᠤᠬᠠᠭᠠᠷᠠᠵᠤ ᠠᠮᠢᠲᠤᠷᠠᠬᠤ ᠬᠣᠷᠸ᠋᠎ᠠ ᠭᠡᠵᠦ
ᠦᠷ᠎ᠡ ᠴᠢᠮ᠎ᠠ᠎ ᠳᠤ ᠪᠠᠨ ᠬᠡᠯᠡᠭᠡᠳ ᠯᠡ ᠪᠠᠶ᠋ᠢᠬ᠋᠎ᠠ ᠶᠤᠮ ᠰᠢᠦ ᠳ᠋ᠠ
ᠤᠬᠠᠭᠠᠷᠠᠵᠤ ᠠᠮᠢᠲᠤᠷᠠᠬᠤ ᠬᠣᠷᠸ᠋᠎ᠠ ᠭᠡᠵᠦ
ᠦᠷ᠎ᠡ ᠴᠢᠮ᠎ᠠ᠎ ᠳᠤ ᠪᠠᠨ ᠬᠡᠯᠡᠭᠡᠳ ᠯᠡ ᠪᠠᠶ᠋ᠢᠬ᠋᠎ᠠ ᠶᠤᠮ ᠰᠢᠦ ᠳ᠋ᠠ