ᠮᠢᠨᠦ ᠪᠤᠭᠤᠷᠤᠯ ᠡᠵᠢМиний буурал ээж
ᠮᠢᠨᠦ ᠪᠤᠭᠤᠷᠤᠯ ᠡᠵᠢ
ᠦᠭᠡ ᠄ ᠭ᠂ ᠰᠢᠷᠠᠬᠦᠦ
ᠠᠶ᠎ᠠ ᠄ ᠰᠠᠶ᠋ᠢᠨᠴᠣᠭᠲᠣ
ᠳᠠᠭᠤᠴᠢᠨ ᠄ ᠤᠷᠭᠤᠮᠠᠯ ᠂ ᠴᠢᠮᠡᠭ ᠂ ᠪᠠᠳᠮᠠᠬᠠᠨᠳᠠ ᠂
ᠳ᠋ᠠᠷᠬᠢᠵᠠᠪ ᠂ ᠡᠷᠳᠡᠨᠢᠴᠡᠴᠡᠭ ᠂ ᠰᠤᠭᠤᠷᠵᠠᠪ
ᠵᠤᠯᠠᠢ ᠳᠡᠭᠡᠷ᠎ᠡ ᠪᠡᠨ
ᠭᠢᠯᠠᠯᠵᠠᠭᠰᠠᠨ ᠨᠠᠰᠤᠨ ᠤ ᠮᠥᠩᠭᠥᠨ ᠬᠢᠷᠠᠭᠤ ᠲᠠᠢ
ᠵᠤᠨ ᠣᠯᠠᠨ ᠳᠤ ᠪᠠᠨ
ᠪᠢᠰᠢᠷᠡᠭᠳᠡᠭᠰᠡᠨ ᠨᠠᠮ ᠳᠥᠯᠭᠡᠨ ᠠᠭᠠᠰᠢ ᠲᠠᠢ
ᠰᠦᠷᠦᠭ ᠦᠨ ᠵᠠᠬ᠎ᠠ
ᠳ᠋ᠤ᠌ ᠨᠠᠰᠤᠵᠢᠬᠰᠠᠨ ᠮᠢᠨᠦ ᠪᠤᠭᠤᠷᠤᠯ ᠡᠵᠢ ᠡ
ᠰᠦᠨ ᠴᠠᠭᠠᠨ ᠬᠠᠯᠬᠢᠶᠡ
ᠪᠠᠷ ᠨᠠᠮ᠎ᠠ ᠶ᠋ᠢ ᠪᠠᠨ ᠪᠣᠶ᠋ᠢᠵᠢᠭᠤᠯᠤᠭᠰᠠᠨ ᠡᠵᠢ ᠡ
ᠡᠷ᠎ᠡ ᠶ᠋ᠢᠨ ᠴᠡᠭᠡᠯ ᠢ
ᠭᠠᠶ᠋ᠢᠬᠠᠭᠤᠯᠤᠭᠰᠠᠨ ᠬᠠᠨ ᠠᠭᠤᠯᠠ ᠰᠢᠭ᠋ ᠬᠦᠦ ᠴᠢᠨᠢ
ᠡᠷᠢᠨ ᠦ ᠰᠠᠶ᠋ᠢᠬᠠᠨ
ᠦᠢᠯᠡᠰ ᠲᠤ᠌ ᠪᠠᠨ ᠬᠠᠷᠴᠠᠭᠠᠢ ᠰᠢᠪᠠᠭᠤ ᠰᠢᠭ᠋ ᠳᠡᠭᠦᠯᠢᠨ᠎ᠡ
ᠡᠯᠢᠭᠡ ᠪᠡᠨ
ᠬᠠᠭᠠᠰᠯᠠᠵᠤ ᠥᠰᠬᠡᠭᠰᠡᠨ ᠮᠢᠨᠦ ᠪᠤᠭᠤᠷᠤᠯ ᠡᠵᠢ ᠡ
ᠡᠩᠬᠦᠷᠡᠢ ᠬᠦᠦ ᠶ᠋ᠢᠨ ᠢᠶ᠋ᠡᠨ
ᠬᠣᠶ᠋ᠢᠨ᠎ᠠ ᠠ᠋ᠴᠠ ᠳᠤᠷᠠᠰᠤᠩᠬᠠᠨ ᠤᠶᠠᠷᠠᠳᠠᠭ ᠡᠵᠢ ᠠ᠋
ᠬᠠᠨ ᠠᠭᠤᠯᠠ ᠶ᠋ᠢᠨ
ᠣᠷᠣᠢ ᠪᠠᠷ ᠤᠨᠢᠶᠠᠷ ᠪᠤᠳᠠᠩ ᠲᠠᠲᠠᠨ᠎ᠠ ᠳ᠋ᠠ
ᠬᠠᠶ᠋ᠢᠷᠠᠲᠠᠢ ᠪᠤᠭᠤᠷᠤᠯ
ᠡᠵᠢ ᠮᠢᠨᠢ ᠤᠮᠳᠠ ᠬᠣᠭᠣᠯᠠ ᠦᠭᠡᠢ ᠰᠠᠨᠠᠭᠳᠠᠨ᠎ᠠ
ᠬᠠᠩᠭᠠᠢ ᠶ᠋ᠢᠨ
ᠨᠠᠷᠠᠰᠤ ᠰᠢᠭ᠋ ᠬᠦᠦ ᠪᠡᠨ ᠰᠠᠨᠠᠵᠤ ᠰᠠᠭᠤᠭ᠎ᠠ ᠳ᠋ᠠ
ᠬᠠᠷᠭᠤᠢ ᠵᠠᠮ ᠤᠨ
ᠦᠵᠦᠭᠦᠷ ᠢ ᠰᠠᠷᠠᠪᠴᠢᠯᠠᠨ ᠪᠠᠶ᠋ᠢᠭ᠎ᠠ ᠡᠵᠢ ᠡ
ᠬᠠᠩᠭᠠᠢ ᠶ᠋ᠢᠨ
ᠨᠠᠷᠠᠰᠤ ᠰᠢᠭ᠋ ᠬᠦᠦ ᠪᠡᠨ ᠰᠠᠨᠠᠵᠤ ᠰᠠᠭᠤᠭ᠎ᠠ ᠳ᠋ᠠ
ᠬᠠᠷᠭᠤᠢ ᠵᠠᠮ ᠤᠨ
ᠦᠵᠦᠭᠦᠷ ᠢ ᠰᠠᠷᠠᠪᠴᠢᠯᠠᠨ ᠪᠠᠶ᠋ᠢᠭ᠎ᠠ ᠡᠵᠢ ᠡ
ᠬᠠᠷᠭᠤᠢ ᠵᠠᠮ ᠤᠨ
ᠦᠵᠦᠭᠦᠷ ᠢ ᠰᠠᠷᠠᠪᠴᠢᠯᠠᠨ ᠪᠠᠶ᠋ᠢᠭ᠎ᠠ ᠳ᠋ᠠ
