ᠪᠡᠷᠢ  ᠶᠢᠨ ᠳᠠᠭᠤᠤ- ᠪᠠᠶᠠᠰᠬᠤᠯᠠᠩБэрийн дуу-баясгалан ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠡᠷᠢ  ᠶᠢᠨ ᠳᠠᠭᠤᠤ- ᠪᠠᠶᠠᠰᠬᠤᠯᠠᠩБэрийн дуу-баясгалан

ᠪᠡᠷᠢ  ᠶᠢᠨ ᠳᠠᠭᠤᠤ- ᠪᠠᠶᠠᠰᠬᠤᠯᠠᠩБэрийн дуу-баясгалан

ᠠᠩᠭᠢᠯᠠᠯ:ᠳᠠᠭᠤᠤ ᠬᠥᠭᠵᠢᠮ
2023-01-18

289

ᠪᠡᠷᠢ  ᠶᠢᠨ ᠳᠠᠭᠤᠤ

    ᠦᠭᠡ ᠄ ᠴ ᠬᠤᠯᠠᠨ
    ᠠᠶ᠎ᠠ ᠄ ᠯ ᠪᠠᠯᠾᠠᠵᠠᠪ
    ᠳᠠᠭᠤᠴᠢᠨ ᠄ ᠪᠠᠶᠠᠰᠬᠤᠯᠠᠩ
 ᠬᠠᠲᠠᠮ ‍ᠤᠨ ᠪᠣᠱᠣᠬ᠋᠎ᠠ ᠎ᠪᠠᠷ ᠢᠴᠢᠩᠭᠦᠷᠡᠨ ᠠᠯᠬᠤᠵᠤ ᠣᠷᠣᠭᠰᠠᠨ
 ᠬᠠᠷᠠᠴᠠ ᠪᠠᠨ ᠪᠠᠭᠤᠯᠭᠠᠵᠤ ᠭᠠᠷ ‍ᠤᠨ ᠦᠵᠦᠭᠦᠷ ᠎ᠲᠤ᠌ ᠢᠨᠢᠶᠡᠵᠦ ᠭᠦᠶᠦᠭᠰᠡᠨ ᠢᠷᠠᠭᠤᠬᠠᠨ
 ᠢᠵᠢᠯᠢ ᠪᠡᠨ ᠥᠮᠥᠭᠡᠷᠡᠵᠦ ᠲᠩᠷᠢ ‍ᠲᠦ ᠳᠡᠭᠦᠯᠢᠭᠰᠡᠨ ᠬᠤᠨ ᠰᠢᠪᠠᠭᠤᠳ ᠰᠢᠭ᠋ ᠦᠨᠡᠨᠴᠢᠭᠡᠨ
 ᠶᠡᠬᠡ ᠪᠠᠶᠠᠷ ‍ᠢ ᠵᠥᠩᠨᠡᠵᠦ ᠳᠠᠭᠤ ᠦᠭᠡᠢ ᠲᠡᠪᠴᠢᠭᠰᠡᠨ ᠤᠶᠠᠨ ᠵᠥᠭᠡᠯᠡᠬᠡᠨ
 ᠬᠣᠩᠭᠣᠷᠬᠠᠨ ᠥᠬᠢᠨ ᠮᠢᠨᠢ
 ᠬᠣᠣᠰ ᠥᠭᠡᠶ᠋ᠢᠬᠡᠨ ᠪᠡᠷᠢ ᠮᠢᠨᠢ ᠳ᠋ᠡ
 ᠪᠡᠷᠢ ᠮᠢᠨᠢ ᠭᠡᠬᠦ ᠬᠠᠲᠠᠭᠤᠲᠠᠮᠠᠷ ᠥᠬᠢᠨ ᠮᠢᠨᠢ
 ᠵᠢᠷᠭᠠᠯ ‍ᠤᠨ ᠳᠡᠭᠡᠳᠦ ‍ᠶ᠋ᠢ ᠴᠢᠮ᠎ᠠ ᠳ᠋ᠠᠭᠠᠨ ᠡᠵᠢ ᠨᠢ ᠢᠷᠥᠭᠡᠶ᠎ᠡ
 
 ᠲᠦᠨᠡᠷ ᠬᠠᠷᠠᠩᠭᠤᠢ ‍ᠲᠤ ᠠᠯᠤᠰ ‍ᠤᠨ ᠵᠠᠮ ᠠ᠋ᠴᠠ ᠬᠦᠦ ‍ᠶ᠋ᠢ ᠮᠢᠨᠢ ᠣᠷᠣᠶ᠋ᠢᠲᠠᠬᠤ ‍ᠳᠤ
 ᠲᠦᠭᠰᠢᠬᠦ ᠵᠢᠷᠦᠬᠡᠨ ‍ᠦ ᠴᠣᠬᠢᠯᠬ᠋᠎ᠠ ᠬᠠᠨᠢᠰᠠᠭᠤᠯᠵᠤ ᠨᠠᠲᠠ ᠎ᠲᠠᠢ ᠴᠣᠭ ᠬᠦᠯᠢᠶᠡᠭᠰᠡᠨ
 ᠲᠦᠮᠡᠨ ‍ᠦ ᠎ᠪᠡᠨ ᠳᠤᠮᠳᠠ ᠮᠢᠨᠦ ᠬᠦᠦ ‍ᠶ᠋ᠢ ᠲᠡᠪᠡᠷᠢᠵᠦ ᠳᠡᠪᠢᠯᠵᠡᠵᠦ ᠶᠠᠪᠤᠬᠤ ‍ᠲᠤ
 ᠲᠦᠰᠢᠭ ᠪᠣᠯᠵᠤ ᠬᠠᠨᠢ ‍ᠶ᠋ᠢᠨ ‍ᠢᠶ᠋ᠡᠨ ᠵᠢᠭᠦᠷ ᠮᠡᠲᠦ ᠠᠮᠢᠲᠤᠷᠠᠭᠰᠠᠨ
 ᠬᠣᠩᠭᠣᠷᠬᠠᠨ ᠥᠬᠢᠨ ᠮᠢᠨᠢ
 ᠬᠣᠣᠰ ᠥᠭᠡᠶ᠋ᠢᠬᠡᠨ ᠪᠡᠷᠢ ᠮᠢᠨᠢ ᠳ᠋ᠡ
 ᠪᠡᠷᠢ ᠮᠢᠨᠢ ᠭᠡᠬᠦ ‍ᠲᠦ ᠬᠠᠲᠠᠭᠤᠲᠠᠮᠠᠷ ᠥᠬᠢᠨ ᠮᠢᠨᠢ
 ᠵᠢᠷᠭᠠᠯ ‍ᠤᠨ ᠳᠡᠭᠡᠳᠦ ‍ᠶ᠋ᠢ ᠴᠢᠮ᠎ᠠ ᠳ᠋ᠠᠭᠠᠨ ᠡᠵᠢ ᠨᠢ ᠢᠷᠥᠭᠡᠶ᠎ᠡ
 ᠬᠣᠩᠭᠣᠷᠬᠠᠨ ᠥᠬᠢᠨ ᠮᠢᠨᠢ
 ᠬᠣᠣᠰ ᠥᠭᠡᠶ᠋ᠢᠬᠡᠨ ᠪᠡᠷᠢ ᠮᠢᠨᠢ ᠳ᠋ᠡ
 ᠪᠡᠷᠢ ᠮᠢᠨᠢ ᠭᠡᠬᠦ ‍ᠲᠦ ᠬᠠᠲᠠᠭᠤᠲᠠᠮᠠᠷ ᠥᠬᠢᠨ ᠮᠢᠨᠢ
 ᠵᠢᠷᠭᠠᠯ ‍ᠤᠨ ᠳᠡᠭᠡᠳᠦ ‍ᠶ᠋ᠢ ᠴᠢᠮ᠎ᠠ ᠳ᠋ᠠᠭᠠᠨ ᠡᠵᠢ ᠨᠢ ᠢᠷᠥᠭᠡᠶ᠎ᠡ
 
 ᠥᠯᠥᠭᠡᠢ ᠎ᠲᠡᠢ ᠦᠷᠡᠰ ‍ᠢᠶ᠋ᠡᠨ ᠪᠦᠪᠡᠢᠯᠡᠭᠰᠡᠨ ᠡᠭᠡᠯᠭᠡᠨ ᠨᠢᠭᠡᠨ ᠮᠣᠩᠭᠣᠯᠵᠢᠨ
 ᠥᠩᠭᠡ ᠨᠢ ᠲᠤᠨᠤᠮᠠᠯ ᠬᠠᠪᠤᠷ ‍ᠤᠨ ᠴᠡᠴᠡᠭ ᠰᠢᠭ᠌ ᠠᠩᠬᠠᠵᠢᠨ ᠦᠵᠡᠰᠬᠦᠯᠡᠩ
 ᠥᠪᠡᠷ ‍ᠦᠨ ‍ᠢᠶ᠋ᠡᠨ ᠪᠡᠶ᠎ᠡ ‍ᠶ᠋ᠢ ᠢᠯᠭᠠᠭ᠎ᠠ ᠦᠭᠡᠢ ᠠᠲᠠᠯᠢ ᠡᠨᠡᠷᠢᠳᠡᠭ ᠰᠡᠴᠡᠭᠦᠬᠡᠨ
 ᠥᠷᠯᠥᠭ ᠶᠡᠬᠡ ᠬᠠᠶ᠋ᠢᠷ᠎ᠠ ‍ᠶ᠋ᠢ ᠮᠢᠨᠢ ᠳᠠᠭᠠᠭᠠᠵᠤ ᠴᠢᠲᠠᠲᠠᠭ ᠤᠬᠠᠭᠠᠨᠲᠠᠨ ᠪᠢᠯᠡ ᠴᠢ