ᠬᠠᠢᠷ᠎ᠠ ᠶ᠋ᠢᠨ ᠳᠡᠭᠡᠳᠦ ᠬᠠᠨᠢ ᠮᠢᠨᠢ- ᠶ᠋ᠢᠨ ᠮᠢᠭᠮᠠᠷᠠᠳᠤᠯᠮ᠎ᠠ Хайрын дээд хань минь-Б.Мягмардулам ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠢᠷ᠎ᠠ ᠶ᠋ᠢᠨ ᠳᠡᠭᠡᠳᠦ ᠬᠠᠨᠢ ᠮᠢᠨᠢ- ᠶ᠋ᠢᠨ ᠮᠢᠭᠮᠠᠷᠠᠳᠤᠯᠮ᠎ᠠ Хайрын дээд хань минь-Б.Мягмардулам

ᠬᠠᠢᠷ᠎ᠠ ᠶ᠋ᠢᠨ ᠳᠡᠭᠡᠳᠦ ᠬᠠᠨᠢ ᠮᠢᠨᠢ- ᠶ᠋ᠢᠨ ᠮᠢᠭᠮᠠᠷᠠᠳᠤᠯᠮ᠎ᠠ Хайрын дээд хань минь-Б.Мягмардулам

ᠠᠩᠭᠢᠯᠠᠯ:ᠳᠠᠭᠤᠤ ᠬᠥᠭᠵᠢᠮ
2023-01-18

368

ᠬᠠᠢᠷ᠎ᠠ ᠶ᠋ᠢᠨ ᠳᠡᠭᠡᠳᠦ ᠬᠠᠨᠢ ᠮᠢᠨᠢ

  ᠦᠭᠡ ᠄  ᠳ᠋ᠣ᠊ · ᠴᠡᠨᠳᠡᠵᠠᠪ
  ᠠᠶ᠎ᠠ ᠄ ᠯ · ᠪᠠᠯᡁᠠᠵᠠᠪ
  ᠮᠢᠭᠮᠠᠷᠠᠳᠤᠯᠮ᠎ᠠ ᠳᠠᠭᠤᠯᠠᠨ᠎ᠠ

ᠬᠠᠢᠷᠠᠲᠤ ᠮᠢᠨᠢ ᠂ ᠴᠢ ᠮᠢᠨᠦ ᠠᠮᠢᠨ ᠡᠷᠳᠡᠨᠢ
ᠬᠠᠨᠢ ᠮᠢᠨᠢ ᠂ ᠴᠢ ᠮᠢᠨᠦ ᠭᠠᠭᠴᠠᠬᠠᠨ ᠠᠮᠢᠳᠤᠷᠠᠯ
ᠬᠠᠯᠠᠭᠤᠬᠠᠨ ᠬᠠᠢᠷ᠎ᠠ ᠪᠠᠷ ᠢ᠋ᠶ᠋ᠠᠨ ᠢᠪᠡᠭᠡᠯᠡᠨ ᠠᠭᠤᠰᠤᠶ᠎ᠠ
ᠬᠠᠢᠯᠤᠨ ᠤᠶᠠᠰᠤᠶ᠎ᠠ ᠂ ᠬᠣᠶᠠᠭᠤᠯᠠ ᠪᠠᠨ ᠬᠣᠷᠸ᠎ᠠ ᠶ᠋ᠢ ᠲᠤᠭᠤᠯᠤᠶ᠎ᠠ
ᠬᠥᠮᠦᠨ ᠦ᠌ ᠬᠣᠷᠸ᠎ᠠ ᠳ᠋ᠤ᠌ ᠡᠷᠬᠡᠯᠡᠨ ᠵᠢᠷᠭᠠᠶ᠎ᠠ
ᠬᠦᠰᠡᠯ ᠰᠡᠳᠬᠢᠯ ᠢ᠋ᠶ᠋ᠡᠨ ᠬᠣᠣᠰ ᠢ᠋ᠶ᠋ᠠᠷ ᠢ᠋ᠶ᠋ᠠᠨ ᠲᠡᠭᠰᠢᠬᠡᠨ ᠠᠮᠰᠠᠶ᠎ᠠ
ᠬᠠᠯᠠᠭᠤᠨ ᠮᠥᠷᠥ ᠶ᠋ᠢ ᠴᠢᠨᠢ ᠲᠦᠰᠢᠵᠦ ᠶᠠᠪᠤᠶ᠎ᠠ
ᠬᠠᠭᠠᠷᠢᠭᠤ ᠬᠠᠲᠠᠭᠤ ᠶ᠋ᠢ ᠬᠠᠨᠢ ᠪᠠᠷ ᠢ᠋ᠶ᠋ᠠᠨ ᠪᠢ ᠴᠢᠨᠢ ᠨᠥᠮᠥᠷᠢᠯᠡᠶ᠎ᠡ

ᠴᠡᠴᠡᠭ ᠦ᠋ᠨ ᠦᠨᠦᠷ ᠲᠡᠢ ᠦᠳᠡᠰᠢ ᠪᠡᠨ ᠰᠠᠨᠠᠶ᠎ᠠ
ᠴᠡᠭᠡᠵᠢᠨ ᠳ᠋ᠦ᠍ ᠬᠠᠢᠷᠠᠨ ᠳ᠋ᠤ᠌ ᠪᠠᠨ ᠬᠠᠨᠢ ᠶ᠋ᠢ ᠪᠡᠨ ᠲᠡᠪᠡᠷᠢᠶ᠎ᠡ
ᠨᠠᠳᠠ ᠳ᠋ᠤ᠌ ᠪᠠᠨ ᠡᠷᠬᠡᠯᠡᠭᠰᠡᠨ ᠢᠨᠢᠶᠡᠳᠦᠨ ᠦ᠌ ᠴᠠᠭᠠᠨ᠎ᠠ ᠠ᠋ᠴᠠ
ᠨᠠᠨᠳᠢᠨ ᠬᠠᠢᠷ᠎ᠠ ᠶ᠋ᠢᠨ ᠦᠭᠡ ᠪᠡᠷ ᠬᠣᠶᠠᠭᠤᠯᠠ ᠪᠠᠨ ᠰᠢᠪᠡᠨᠡᠶ᠎ᠡ
ᠦᠨᠦᠰᠬᠦ ᠶ᠋ᠢᠨ ᠲᠣᠭ᠎ᠠ ᠪᠠᠷ ᠦᠨᠡᠨ ᠢ᠋ ᠬᠡᠯᠡᠶ᠎ᠡ
ᠦᠷ᠎ᠡ ᠶ᠋ᠢᠨ ᠮᠢᠨᠢ ᠡᠵᠢ — ᠴᠢᠮ᠎ᠠ ᠳ᠋ᠤ᠌ ᠪᠠᠨ ᠬᠠᠢᠷ᠎ᠠ ᠪᠠᠨ ᠰᠢᠪᠡᠨᠡᠶ᠎ᠡ
ᠢᠵᠢᠯ ᠵᠡᠭᠦᠳᠦ ᠪᠡᠨ ᠬᠣᠶᠠᠭᠤᠯᠠ ᠪᠠᠨ ᠮᠠᠨᠠᠶ᠎ᠠ
ᠡᠷᠬᠡᠯᠡᠵᠦ ᠵᠢᠷᠭᠠᠭᠰᠠᠨ ᠬᠠᠢᠷ᠎ᠠ ᠪᠠᠨ ᠪᠤᠰᠤᠳ ᠠ᠋ᠴᠠ ᠬᠠᠷᠠᠮᠨᠠᠶ᠎ᠠ

ᠨᠠᠰᠤᠨ ᠤ᠋ ᠮᠢᠨᠢ ᠬᠠᠢᠷ᠎ᠠ ᠂ ᠮᠢᠨᠦ ᠯᠡ ᠬᠠᠢᠷ᠎ᠠ
ᠨᠠᠨᠳᠢᠨ ᠰᠡᠳᠬᠢᠯ ᠦ᠋ᠨ ᠤᠶᠠᠭ᠎ᠠ ᠮᠢᠨᠢ
ᠰᠠᠨᠠᠬᠤ ᠶ᠋ᠢᠨ ᠲᠣᠭ᠎ᠠ ᠪᠠᠷ ᠬᠠᠢᠷ᠎ᠠ ᠪᠠᠨ ᠨᠡᠮᠡᠶ᠎ᠡ
ᠰᠠᠷ᠎ᠠ ᠵᠢᠯ ᠦ᠋ᠳ ᠦ᠋ᠨ ᠤᠷᠲᠤ ᠶ᠋ᠢ ᠬᠠᠮᠲᠤ ᠳ᠋ᠤ᠌ ᠪᠠᠨ ᠳᠣᠭᠣᠯᠤᠶ᠎ᠠ
ᠬᠣᠶᠠᠷ ᠰᠡᠳᠬᠢᠯ ᠦ᠋ᠨ ᠡᠭᠦᠳᠡ ᠶ᠋ᠢ ᠰᠠᠬᠢᠶ᠎ᠠ
ᠬᠣᠷᠸ᠎ᠠ ᠳ᠋ᠤ᠌ ᠵᠠᠶᠠᠭᠠᠭᠰᠠᠨ ᠬᠤᠪᠢ ᠵᠠᠶᠠᠭᠠᠨ ᠳ᠋ᠤ᠌ ᠪᠠᠨ ᠬᠣᠶᠠᠭᠤᠯᠠ ᠪᠠᠨ ᠵᠠᠯᠪᠠᠷᠢᠶ᠎ᠠ

ᠦᠷ᠎ᠡ ᠶ᠋ᠢᠨ ᠪᠦᠪᠡᠢ ᠶ᠋ᠢ ᠵᠥᠭᠡᠯᠡᠨ ᠠᠶᠠᠯᠤᠶ᠎ᠠ
ᠥᠷᠯᠥᠭᠡᠨ ᠦ᠌ ᠨᠠᠷᠠ ᠶ᠋ᠢ ᠲᠦᠷᠦᠭᠦᠯᠡᠵᠦ ᠬᠠᠷᠠᠶ᠎ᠠ
ᠬᠣᠷᠸ᠎ᠠ ᠶ᠋ᠢᠨ ᠬᠠᠲᠠᠭᠤ ᠶ᠋ᠢ ᠬᠠᠮᠲᠤ ᠳ᠋ᠤ᠌ ᠪᠠᠨ ᠠᠷᠭᠠᠳᠠᠶ᠎ᠠ
ᠬᠣᠣᠰ ᠦᠭᠡᠢ ᠵᠢᠷᠭᠠᠯ ᠢ᠋ᠶ᠋ᠠᠨ ᠬᠣᠶᠠᠭᠤᠯᠠ ᠪᠠᠨ ᠬᠠᠮᠲᠤ ᠳ᠋ᠤ᠌ ᠪᠠᠨ ᠳᠣᠭᠣᠯᠤᠶ᠎ᠠ
ᠬᠥᠮᠦᠨ ᠦ᠌ ᠬᠣᠷᠸ᠎ᠠ ᠳ᠋ᠤ᠌ ᠡᠷᠬᠡᠯᠡᠨ ᠵᠢᠷᠭᠠᠶ᠎ᠠ
ᠬᠦᠰᠡᠯ ᠰᠡᠳᠬᠢᠯ ᠢ᠋ᠶ᠋ᠡᠨ ᠬᠣᠣᠰ  ᠢ᠋ᠶ᠋ᠠᠷ ᠢ᠋ᠶ᠋ᠠᠨ ᠲᠡᠭᠰᠢᠬᠡᠨ ᠠᠮᠰᠠᠶ᠎ᠠ
ᠢᠵᠢᠯ ᠵᠡᠭᠦᠳᠦ ᠪᠡᠨ ᠬᠣᠶᠠᠭᠤᠯᠠ ᠪᠠᠨ ᠮᠡᠨᠡᠶ᠎ᠡ
ᠡᠷᠬᠡᠯᠡᠵᠦ ᠵᠢᠷᠭᠠᠭᠰᠠᠨ ᠬᠠᠢᠷ᠎ᠠ ᠪᠠᠨ ᠪᠤᠰᠤᠳ ᠠ᠋ᠴᠠ ᠬᠠᠷᠠᠮᠨᠠᠶ᠎ᠠ

ᠨᠠᠰᠤᠨ ᠤ᠋ ᠮᠢᠨᠢ ᠬᠠᠢᠷ᠎ᠠ ᠂ ᠮᠢᠨᠦ ᠯᠡ ᠬᠠᠢᠷ᠎ᠠ
ᠨᠠᠨᠳᠢᠨ ᠰᠡᠳᠬᠢᠯ ᠦ᠋ᠨ ᠤᠶᠠᠭ᠎ᠠ ᠮᠢᠨᠢ
ᠰᠠᠨᠠᠬᠤ ᠶ᠋ᠢᠨ ᠲᠣᠭ᠎ᠠ ᠪᠠᠷ ᠬᠠᠢᠷ᠎ᠠ ᠪᠠᠨ ᠨᠡᠮᠡᠶ᠎ᠡ
ᠰᠠᠷ᠎ᠠ ᠵᠢᠯ ᠦ᠋ᠳ ᠦ᠋ᠨ ᠤᠷᠲᠤ ᠶ᠋ᠢ ᠬᠠᠮᠲᠤ ᠳ᠋ᠤ᠌ ᠪᠠᠨ ᠳᠣᠭᠣᠯᠤᠶ᠎ᠠ
ᠬᠣᠶᠠᠷ ᠰᠡᠳᠬᠢᠯ ᠦ᠋ᠨ ᠡᠭᠦᠳᠡ ᠶ᠋ᠢ ᠰᠠᠬᠢᠶ᠎ᠠ
ᠬᠣᠷᠸ᠎ᠠ ᠳ᠋ᠤ᠌ ᠵᠠᠶᠠᠭᠠᠭᠰᠠᠨ ᠬᠤᠪᠢ ᠵᠠᠶᠠᠭᠠᠨ ᠳ᠋ᠤ᠌ ᠪᠠᠨ ᠬᠣᠶᠠᠭᠤᠯᠠ ᠪᠠᠨ ᠵᠠᠯᠪᠠᠷᠢᠶ᠎ᠠ
ᠬᠠᠢᠷᠠᠲᠤ ᠮᠢᠨᠢ ᠂ ᠴᠢ ᠮᠢᠨᠢ ᠠᠮᠢᠨ ᠡᠷᠳᠡᠨᠢ

ᠲᠠᠢᠯᠪᠤᠷᠢ ᠄
ᠤᠭ ᠳᠠᠭᠤᠤ
  ᠬᠣᠣᠰ ᠦᠭᠡᠢ ᠵᠢᠷᠭᠠᠯ ᠢ᠋ᠶ᠋ᠠᠨ ᠬᠣᠶᠠᠭᠤᠯᠠ ᠪᠠᠨ ᠬᠠᠮᠲᠤ ᠳ᠋ᠤ᠌ ᠪᠠᠨ ᠬᠤᠪᠢᠶᠠᠯᠴᠠᠶ᠎ᠠ