ᠭᠣᠪᠢ ᠱᠠᠩᠬᠤ  ᠶᠢᠨ ᠨᠤᠲᠤᠭГови шанхын нутаг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠣᠪᠢ ᠱᠠᠩᠬᠤ  ᠶᠢᠨ ᠨᠤᠲᠤᠭГови шанхын нутаг

ᠭᠣᠪᠢ ᠱᠠᠩᠬᠤ  ᠶᠢᠨ ᠨᠤᠲᠤᠭГови шанхын нутаг

ᠠᠩᠭᠢᠯᠠᠯ:ᠳᠠᠭᠤᠤ ᠬᠥᠭᠵᠢᠮ
2023-01-17

295

ᠭᠣᠪᠢ ᠱᠠᠩᠬᠤ  ᠶᠢᠨ ᠨᠤᠲᠤᠭ- ᠡ‍ ᠳ᠋ᠠᠰᠢᠨᠢᠮ᠎ᠠ

ᠭᠣᠪᠢ ᠱᠠᠩᠬᠤ ᠶᠢᠨ ᠨᠤᠲᠤᠭ - ᠲ ᠪᠠᠲᠤᠰᠠᠢᠬᠠᠨ

ᠭᠣᠪᠢ ᠱᠠᠩᠬᠤ  ᠶᠢᠨ ᠨᠤᠲᠤᠭ

     ᠦᠭᠡ ᠄ ᠨ ᠪᠠᠶᠠᠨᠮᠥ᠋ᠩᠬᠡ
     
ᠠᠶ᠎ᠠ ᠄ ᠲ ᠰᠠᠷᠠᠣᠳᠤ

ᠤᠨᠠᠭᠠᠨ ᠬᠦᠯᠦᠭ ᠨᠢ ᠭᠠᠵᠠᠷ ᠢᠶᠠᠨ ᠦᠨᠦᠷᠯᠡᠨ ᠭᠦᠶᠦᠵᠦ ᠢᠷᠡᠳᠡᠭ ᠡᠬᠡ ᠨᠤᠲᠤᠭ ᠮᠢᠨᠢ
ᠤᠳᠤᠮᠲᠤ ᠬᠥᠪᠡᠭᠦᠳ ᠨᠢ ᠨᠢᠳᠦ ᠪᠡᠨ ᠴᠤ᠌ ᠴᠠᠪᠴᠢᠯ ᠦᠭᠡᠢ ᠮᠠᠨᠠᠭᠰᠠᠨ ᠬᠥᠬᠡ ᠲᠩᠷᠢ ᠮᠢᠨᠢ
ᠡᠴᠢᠭᠡ ᠳᠡᠭᠡᠳᠦᠰ ᠡᠴᠡ ᠬᠦᠢ ᠶᠢᠨ ᠬᠣᠯᠪᠣᠭ᠎ᠠ ᠲᠠᠢ ᠡᠷᠳᠡᠨᠢ ᠶᠢᠨ ᠥᠯᠥᠭᠡᠢ ᠮᠢᠨᠢ
ᠡᠨᠡ ᠯᠠ ᠨᠠᠰᠤᠨ ᠳᠤ ᠭᠠᠭᠴᠠᠬᠠᠨ ᠵᠠᠶᠠᠭᠠᠭᠰᠠᠨ ᠲᠦᠷᠦᠭᠰᠡᠨ ᠨᠤᠲᠤᠭ ᠮᠢᠨᠢ
ᠳᠠᠬᠢᠯᠲᠠ᠄
ᠤᠷᠲᠤ ᠶᠢᠨ ᠳᠠᠭᠤᠨ ᠤ ᠰᠢᠷᠤᠩᠬᠠᠢ ᠮᠣᠷᠢᠨ ᠬᠤᠭᠤᠷ ᠤᠨ ᠡᠭᠡᠰᠢᠭ ᠲᠡᠢ
ᠤᠶᠠᠩᠭᠠᠲᠤ ᠭᠢᠩᠭᠤ ᠡᠭᠡᠰᠢᠭᠯᠡᠬᠦ ᠠᠷᠭᠤᠮᠠᠭ ᠦᠦᠷᠰᠡᠬᠦ ᠬᠡᠢᠮᠣᠷᠢ ᠲᠠᠢ
ᠢᠩᠭᠡᠨ ᠪᠣᠢᠯᠠᠭ᠎ᠠ ᠨᠢ ᠭᠡᠭᠢᠯᠵᠡᠵᠦ ᠡᠵᠢ  ᠳᠦ  ᠪᠡᠨ ᠯᠠ ᠶᠠᠭᠠᠷᠠᠭᠰᠠᠨ ᠰᠡᠳᠬᠢᠯ ᠲᠡᠢ
ᠶᠡᠬᠡ ᠯᠠ ᠴᠠᠭᠠᠨᠠᠲᠤ ᠶᠢᠨ ᠠᠯᠤᠰ ᠠᠴᠠ ᠢᠷᠡᠵᠦ ᠯᠠ ᠰᠠᠭᠤᠬᠤ ᠶᠢᠨ ᠬᠦᠰᠡᠯᠡᠩ ᠲᠡᠢ
ᠭᠣᠪᠢ ᠱᠠᠩᠬᠤ ᠶᠢᠨ ᠨᠤᠲᠤᠭ ᠳ᠋ᠠ  
ᠡᠨᠡ ᠮᠢᠨᠦ ᠨᠤᠲᠤᠭ ᠡ
 
ᠬᠤᠯᠠᠨ  ᠤ ᠤᠨᠠᠭ᠎ᠠ ᠨᠢ ᠪᠣᠰᠤᠭ᠎ᠠ ᠲᠥᠷᠦᠭᠡᠳ ᠵᠡᠷᠭᠡᠯᠭᠡᠨ ᠳᠦ ᠲᠣᠭᠯᠠᠭᠰᠠᠨ ᠡᠬᠡ ᠨᠤᠲᠤᠭ ᠮᠢᠨᠢ
ᠬᠤᠷᠳᠤᠨ ᠬᠦᠯᠦᠭ  ᠦᠳ ᠨᠢ ᠳᠣᠮᠣᠭ ᠤᠨ ᠰᠠᠯᠬᠢᠨ ᠠᠴᠠ ᠢᠨᠴᠠᠭᠠᠬᠤ ᠬᠣᠷᠯᠣ ᠳᠠᠭᠤᠨ ᠳᠤ ᠮᠢᠨᠢ
ᠦᠷ᠎ᠡ ᠠᠴᠢ ᠳᠦ  ᠪᠡᠨ ᠥᠪᠯᠡᠭᠦᠯᠵᠦ ᠦᠯᠡᠳᠡᠭᠡᠬᠦ ᠭᠠᠵᠠᠷ ᠰᠢᠷᠣᠢ ᠮᠢᠨᠢ
ᠦᠷᠭᠦᠯᠵᠢ ᠮᠥᠩᠬᠡ ᠶᠢᠨ ᠰᠡᠳᠬᠢᠯ ᠳᠦ  ᠤᠶᠠᠭᠠᠲᠠᠢ ᠲᠦᠷᠦᠭᠰᠡᠨ ᠨᠤᠲᠤᠭ ᠮᠢᠨᠢ

ᠳᠠᠬᠢᠯᠲᠠ᠄
ᠤᠷᠲᠤ ᠶᠢᠨ ᠳᠠᠭᠤᠨ ᠤ ᠰᠢᠷᠤᠩᠬᠠᠢ ᠮᠣᠷᠢᠨ ᠬᠤᠭᠤᠷ ᠤᠨ ᠡᠭᠡᠰᠢᠭ ᠲᠡᠢ
ᠤᠶᠠᠩᠭᠠᠲᠤ ᠭᠢᠩᠭᠤ ᠡᠭᠡᠰᠢᠭᠯᠡᠬᠦ ᠠᠷᠭᠤᠮᠠᠭ ᠦᠦᠷᠰᠡᠬᠦ ᠬᠡᠢᠮᠣᠷᠢ ᠲᠠᠢ
ᠢᠩᠭᠡᠨ ᠪᠣᠢᠯᠠᠭ᠎ᠠ ᠨᠢ ᠭᠡᠭᠢᠯᠵᠡᠵᠦ ᠡᠵᠢ  ᠳᠦ  ᠪᠡᠨ ᠯᠠ ᠶᠠᠭᠠᠷᠠᠭᠰᠠᠨ ᠰᠡᠳᠬᠢᠯ ᠲᠡᠢ
ᠶᠡᠬᠡ ᠯᠠ ᠴᠠᠭᠠᠨᠠᠲᠤ ᠶᠢᠨ ᠠᠯᠤᠰ ᠠᠴᠠ ᠢᠷᠡᠵᠦ ᠯᠠ ᠰᠠᠭᠤᠬᠤ ᠶᠢᠨ ᠬᠦᠰᠡᠯᠡᠩ ᠲᠡᠢ
ᠭᠣᠪᠢ ᠱᠠᠩᠬᠤ ᠶᠢᠨ ᠨᠤᠲᠤᠭ ᠳ᠋ᠠ  
ᠡᠨᠡ ᠮᠢᠨᠦ ᠨᠤᠲᠤᠭ ᠡ

ᠣᠨᠣᠵᠤ ᠲᠦᠷᠦᠭᠰᠡᠨ ᠵᠠᠶᠠᠭᠠᠨ ᠳᠦ  ᠪᠡᠨ ᠪᠠᠬᠠᠷᠬᠠᠨ ᠨᠠᠰᠤ ᠪᠠᠷ ᠢᠶᠠᠨ ᠳᠠᠭᠤᠯᠠᠬᠤ ᠡᠬᠡ ᠣᠷᠣᠨ ᠮᠢᠨᠢ
ᠣᠩᠭᠣᠨ ᠲᠠᠯ᠎ᠠ ᠪᠠᠷ ᠢᠶᠠᠨ ᠰᠠᠯᠬᠢ ᠲᠠᠲᠠᠭᠤᠯᠤᠨ ᠳᠠᠪᠬᠢᠬᠤ ᠭᠡᠭᠡᠨ ᠬᠦᠰᠡᠯ ᠮᠢᠨᠢ
ᠭᠤᠷᠪᠠᠨ ᠴᠠᠭ ᠤᠨ ᠲᠡᠭᠰᠢ ᠵᠢᠷᠭᠠᠯᠠᠩ ᠲᠠᠢ ᠮᠥᠷᠥᠭᠡᠳᠦᠯ ᠦᠨ ᠳ᠋ᠧᠪᠠᠵᠠᠨ ᠮᠢᠨᠢ
ᠭᠤᠳᠤᠢᠬᠤ ᠦᠭᠡᠢ ᠳᠡᠭᠡᠳᠦᠰ ᠦᠨ ᠴᠠᠳᠢᠭ ᠲᠠᠢ ᠲᠦᠷᠦᠭᠰᠡᠨ ᠨᠤᠲᠤᠭ ᠮᠢᠨᠢ

ᠳᠠᠬᠢᠯᠲᠠ x2
ᠤᠷᠲᠤ ᠶᠢᠨ ᠳᠠᠭᠤᠨ ᠤ ᠰᠢᠷᠤᠩᠬᠠᠢ ᠮᠣᠷᠢᠨ ᠬᠤᠭᠤᠷ ᠤᠨ ᠡᠭᠡᠰᠢᠭ ᠲᠡᠢ
ᠤᠶᠠᠩᠭᠠᠲᠤ ᠭᠢᠩᠭᠤ ᠡᠭᠡᠰᠢᠭᠯᠡᠬᠦ ᠠᠷᠭᠤᠮᠠᠭ ᠦᠦᠷᠰᠡᠬᠦ ᠬᠡᠢᠮᠣᠷᠢ ᠲᠠᠢ
ᠢᠩᠭᠡᠨ ᠪᠣᠢᠯᠠᠭ᠎ᠠ ᠨᠢ ᠭᠡᠭᠢᠯᠵᠡᠵᠦ ᠡᠵᠢ  ᠳᠦ  ᠪᠡᠨ ᠯᠠ ᠶᠠᠭᠠᠷᠠᠭᠰᠠᠨ ᠰᠡᠳᠬᠢᠯ ᠲᠡᠢ
ᠶᠡᠬᠡ ᠯᠠ ᠴᠠᠭᠠᠨᠠᠲᠤ ᠶᠢᠨ ᠠᠯᠤᠰ ᠠᠴᠠ ᠢᠷᠡᠵᠦ ᠯᠠ ᠰᠠᠭᠤᠬᠤ ᠶᠢᠨ ᠬᠦᠰᠡᠯᠡᠩ ᠲᠡᠢ
ᠭᠣᠪᠢ ᠱᠠᠩᠬᠤ ᠶᠢᠨ ᠨᠤᠲᠤᠭ ᠳ᠋ᠠ
ᠡᠨᠡ ᠮᠢᠨᠦ ᠨᠤᠲᠤᠭ ᠡ

Гови шанхын нутаг

                       Үг   баянөмөнх

                       Ая : т сэрүүт

 Унаган хүлэг нь газраа үнэрлэн гүйж л ирдэг эх нутаг минь
 дамт хөвгүүд нь нүдээ ч завчилгүй манасан хөх тэнгэр минь
 Эцэг дээдсээс хүйн холбоотой эрдэнийн өлгий минь
 Энэ л насанд ганцхан заяасан төрсөн нутаг минь

Хулангийн унага нь босоо төрөөд зэрэглээнд тоглосон эх нутаг минь
Хурдан хүлгүүд нь домгийн салхинаас янцгаах хорол тоонт минь
Үр ачдаа өвлүүлж үлдээх газар шороо минь
Үргэлж мөнхийн сэтгэлд уяатай төрсөн нутаг минь

Дахилт:
Уртын дууны шуранхай морин хуурын эгшигтэй
Уянгат гийнгоо эгшиглэж аргамаг үүрсэх хийморьтой
Ингэн буйлаа нь гэгэлзэж ижийдээ л яарсан сэтгэлтэй
Их л чандын алсаас чиг ирж л суухын хүслэнтэй
Говь шанхын нутаг даа энэ миний л нутгаа

Онож төрсөн заяандаа бахархан насаараа дуулах эх орон минь
Онгон талаараа салхи татуулан давхих гэгээн хүсэл минь
Гурван цагын тэгш жаргалантай мөрөөдлийн диваажин минь
Гудайх үгүй дээдсийн цадигтай төрсөн нутаг минь

Дахилт x2: