ᠭᠡᠨᠵᠡ ᠬᠤᠷᠠᠭ᠎ᠠ - ᠳ ᠨᠠᠴᠤᠭᠲᠣᠷᠵᠢХэнз хурга-т нацагдорж ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠡᠨᠵᠡ ᠬᠤᠷᠠᠭ᠎ᠠ - ᠳ ᠨᠠᠴᠤᠭᠲᠣᠷᠵᠢХэнз хурга-т нацагдорж

ᠭᠡᠨᠵᠡ ᠬᠤᠷᠠᠭ᠎ᠠ - ᠳ ᠨᠠᠴᠤᠭᠲᠣᠷᠵᠢХэнз хурга-т нацагдорж

2023-01-17

311

ᠭᠡᠨᠵᠡ ᠬᠤᠷᠠᠭ᠎ᠠ

       ᠨᠠᠴᠤᠭᠲᠣᠷᠵᠢ
ᠮᠢᠨᠦ ᠬᠡᠨᠵᠡ ᠬᠤᠷᠠᠬ᠋᠎ᠠ ᠮᠠᠩᠨᠠᠢ ᠬᠠᠯᠵᠠᠨ ᠵᠤᠷᠪᠤᠰ ᠲᠠᠢ
ᠮᠢᠩᠭᠠᠨ ᠬᠣᠨᠢᠨ ᠪ ᠳᠤᠮᠳᠠ ᠠ᠋ᠴᠠ ᠪᠢ ᠬᠠᠷᠠᠮᠠᠭᠴᠠ ᠲᠠᠨᠢᠲᠠᠭ
ᠮᠢᠷᠠᠰ ᠮᠢᠷᠠᠰ ᠮᠠᠶ᠋ᠢᠯᠠᠵᠤ ᠨᠠᠮ᠎ᠠ ᠶ᠋ᠢ ᠴᠢᠭ᠌ᠯᠡᠭ᠌ᠰᠡᠭᠡᠷ ᠢᠷᠡᠲᠡᠭ᠋
ᠲᠣᠩ ᠴᠠᠭᠠᠨ ᠦᠰᠦ ᠲᠡᠢ
ᠳᠤᠷᠠᠨ ᠬᠠᠷ᠎ᠠ ᠨᠢᠲᠦ ᠲᠡᠢ
ᠲᠦᠮᠡᠨ ᠬᠣᠨᠢᠨ ᠪ ᠳᠤᠮᠳᠠ ᠠ᠋ᠴᠠ
ᠲᠡᠭᠦᠨ ᠡᠴᠡ ᠬᠥᠭᠡᠷᠦᠬᠦᠨ ᠠᠮᠢᠲᠠᠨ ᠦᠭᠡᠢ
ᠲᠥᠷᠥᠭ᠌ᠰᠡᠨ ᠬᠣᠲᠠ ᠳᠣᠲᠣᠷ᠎ᠠ ᠪᠠᠨ
ᠲᠡᠷᠡ ᠪᠢᠲᠡ ᠬᠣᠶᠠᠷ ᠲᠣᠭᠯᠠᠲᠠᠭ
ᠡᠪᠦᠲᠦᠭ᠌ ᠶ᠋ᠢᠡᠨ ᠰᠥᠭᠥᠤᠠᠴᠦ ᠪᠠᠶ᠋ᠢᠭᠠᠳ
ᠥᠪᠡᠷ ᠦ᠋ᠨ ᠶ᠋ᠢᠡᠨ ᠡᠬᠡ ᠶ᠋ᠢ ᠬᠥᠬᠥᠲᠡᠭ᠌
ᠡᠪᠦᠷ ᠳᠡᠭᠡᠷ᠎ᠡ ᠨᠢ ᠭᠠᠷᠤᠭᠠᠳ
ᠥᠬᠥᠭᠡᠷᠲᠡᠮᠡᠷ ᠥᠬᠥᠭᠡᠷᠲᠡᠮᠡᠷ ᠡᠷᠬᠡᠯᠡᠲᠡᠭ᠌
ᠨᠠᠭᠠᠰᠢ ᠴᠠᠭᠠᠰᠢ ᠳᠡᠭ᠌ᠳᠡᠨ
ᠮᠠᠯᠴᠢᠨ ᠡᠵᠡᠨ ᠶ᠋ᠢᠡᠨ ᠪᠠᠶᠠᠰᠬᠠᠲᠠᠭ