ᠠᠢᠰᠤᠢ- ᠲᠩᠷᠢАйсуй-тэнгэр
ᠠᠢᠰᠤᠢ
ᠳᠠᠭᠤᠴᠢᠨ ᠄ ᠲᠩᠷᠢ
ᠡᠨᠡ ᠳᠡᠯᠡᠬᠡᠢ ᠰᠠᠢᠬᠠᠨ ᠭᠡᠵᠦ ᠢᠲᠡᠭᠡᠵᠦ ᠶᠠᠪᠤᠨ᠎ᠠ ᠪᠢ
ᠡᠷ᠎ᠡ ᠶᠢᠨ ᠴᠢᠳᠠᠯ ᠢᠶᠡᠨ ᠢᠷᠡᠭᠡᠳᠦᠢ ᠳᠦ ᠪᠡᠨ
ᠵᠢᠳᠬᠦᠵᠦ ᠶᠠᠪᠤᠨ᠎ᠠ ᠪᠢ
ᠡᠩᠬᠡ ᠠᠮᠤᠭᠤᠯᠠᠩ ᠢᠨᠢᠶᠡᠳᠦ ᠠᠮᠢᠳᠤᠷᠠᠯ ᠡᠬᠢᠯᠡᠭᠰᠡᠨ
ᠲᠡᠷᠡ ᠡᠳᠦᠷ ᠡᠴᠡ
ᠡᠷ᠎ᠡ ᠭᠠᠭᠴᠠ ᠪᠡᠶ᠎ᠡ ᠮᠢᠨᠢ ᠶᠠᠭᠤᠨ ᠳᠠᠭᠠᠨ ᠭᠡᠵᠦ ᠯᠡ
ᠭᠡᠷ ᠵᠦᠭ ᠢᠶᠠᠨ ᠠᠢᠰᠤᠢ
ᠥ ᠁ ᠬᠥ ᠁ ᠥ ᠁ ᠬᠥ ᠁
ᠡᠬᠡ ᠤᠯᠤᠰ ᠢᠶᠠᠨ ᠡᠵᠢ ᠮᠢᠨᠢ ᠭᠡᠵᠦ ᠬᠠᠢᠷᠠᠯᠠᠵᠤ
ᠶᠠᠪᠤᠨ᠎ᠠ ᠪᠢ
ᠡᠪ ᠬᠠᠮᠲᠤ ᠨᠠᠮ ᠢᠶᠡᠨ ᠰᠠᠯᠤᠯ ᠦᠭᠡᠢ ᠳᠠᠭᠠᠵᠤ ᠶᠠᠪᠤᠯ᠎ᠠ
ᠪᠢ
ᠠᠷᠠᠳ ᠲᠦᠮᠡᠨ ᠠᠯᠲᠠ ᠮᠥᠩᠭᠥ ᠪᠠᠷ ᠪᠠᠶᠠᠵᠢᠭᠰᠠᠨ ᠲᠡᠷᠡ
ᠡᠳᠦᠷ ᠡᠴᠡ
ᠡᠷ᠎ᠡ ᠭᠠᠭᠴᠠ ᠪᠡᠶ᠎ᠡ ᠮᠢᠨᠢ ᠶᠠᠭᠤᠨ ᠳᠠᠭᠠᠨ ᠭᠡᠵᠦ ᠯᠡ
ᠭᠡᠷ ᠵᠦᠭ ᠢᠶᠠᠨ ᠠᠢᠰᠤᠢ
ᠥ ᠁ ᠬᠥ ᠁ ᠥ ᠁ ᠬᠥ ᠁
