ᠮᠣᠩᠭᠣᠯ ᠭᠣᠪᠢМонгол гови ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠭᠣᠪᠢМонгол гови

ᠮᠣᠩᠭᠣᠯ ᠭᠣᠪᠢМонгол гови

ᠠᠩᠭᠢᠯᠠᠯ:ᠳᠠᠭᠤᠤ ᠬᠥᠭᠵᠢᠮ
2023-01-16

301

ᠮᠣᠩᠭᠣᠯ ᠭᠣᠪᠢ

    ᠰᠢᠯᠦᠭ ᠄ ᠵ ᠂ ᠡᠷᠲᠡᠨᠢᠪᠣᠯᠤᠳ
    ᠠᠶ᠎ᠠ ᠄ ᠪ ᠂ ᠭᠠᠩᠪᠣᠯᠤᠳ
    — ᠪ ᠂ ᠪᠠᠶᠠᠨᠲᠠᠯᠠᠢ ᠂

     ᠪ ᠂ ᠰᠤᠷᠢᠨᠵᠢᠨᠪᠣᠯᠤᠳ ᠂

     ᠪ ᠂ ᠪᠠᠲᠤᠴᠡᠴᠡᠭᠯᠡᠨ ᠂

     ᠬ ᠂ ᠪᠠᠷᠰᠡᠷᠲᠡᠨᠢ ᠂

     ᠴ · ᠳᠠᠸᠠᠨᠢᠮ᠎ᠠ ᠂

ᠰᠤᠶᠤᠮᠪᠤ ᠬᠠᠮᠲᠤᠯᠢᠬ ᠨᠠᠷ ᠳᠠᠭᠤᠯᠠᠨ᠎ᠠ
ᠵᠡᠷᠭᠡᠯᠭᠡ ᠲᠠᠲᠠᠬᠤ ᠦᠵᠦᠭᠦᠷ ᠨᠢ ᠬᠠᠷᠠᠭᠲᠠᠬᠤ ᠦᠭᠡᠢ ᠮᠢᠨᠦ ᠯᠡ ᠭᠣᠪᠢ ᠡ
ᠴᠢᠨᠲᠠᠮᠤᠨᠢ ᠡᠷᠲᠡᠨᠢᠰ ‍ᠦᠨ ᠥᠯᠥᠭᠡᠢ ᠨᠤᠲᠤᠭ ᠮᠢᠨᠢ ᠯᠡ ᠭᠣᠪᠢ ᠡ
ᠵᠡᠭᠡᠷ᠎ᠡ ‍ᠶ᠋ᠢᠨ ᠰᠦᠷᠦᠭ ᠳᠠᠯᠠᠯᠤᠨ ᠬᠥᠪᠰᠥᠯᠵᠡᠬᠦ ᠮᠢᠨᠦ ᠯᠡ ᠭᠣᠪᠢ ᠡ
ᠵᠡᠭᠡᠰᠦ ᠪᠦᠲᠡᠭᠡᠬᠦ ᠨᠢ ᠨᠤᠯᠤ ᠨᠢ ᠨᠣᠭᠣᠭᠠᠷᠠᠭᠰᠠᠨ ᠮᠢᠨᠦ ᠯᠡ ᠭᠣᠪᠢ ᠡ
 ᠂
ᠨᠠᠷᠠ ᠨᠢ ᠤᠯᠠᠶ᠋ᠢᠰᠴᠤ ᠡᠭᠦᠯᠡ ᠨᠢ ᠰᠡᠭᠦᠲᠡᠷᠲᠦᠬᠦ ᠮᠢᠨᠦ ᠯᠡ ᠭᠣᠪᠢ ᠡ
ᠨᠠᠪᠴᠢᠰ ᠨᠢ ᠭᠠᠩᠲᠠᠵᠤ ᠪᠣᠷᠣᠭᠠᠨ ᠰᠣᠯᠣᠩᠭ᠎ᠠ᠎ᠲᠠᠢ ᠮᠢᠨᠦ ᠯᠡ ᠭᠣᠪᠢ ᠡ
ᠡᠯᠡᠰᠦ ᠨᠢ ᠮᠠᠩᠬ᠎ᠠ ᠨᠢ ᠮᠢᠷᠠᠯᠵᠠᠬᠤ ᠭᠣᠣᠯ ᠰᠢᠭ᠋ ᠮᠢᠨᠦ ᠯᠡ ᠭᠣᠪᠢ ᠡ
ᠡᠷᠭᠢᠭᠡᠳ ᠣᠴᠢᠬᠤ ‍ᠲᠤ ᠨᠠᠷᠠᠨ ᠲᠤᠰᠤᠭᠰᠠᠨ ᠮᠢᠨᠦ ᠯᠡ ᠭᠣᠪᠢ ᠡ
ᠭᠣᠪᠢ ‍ᠲᠤ ᠮᠢᠨᠢ ᠲᠠ ᠨᠢᠭᠡ ᠯᠡ ᠢᠷᠡᠭᠡᠳ ᠦᠵᠡᠭᠡᠷᠡᠢ
ᠭᠣᠯᠢᠶ᠎ᠠ ᠢᠰᠬᠡᠷᠬᠦ ᠨᠠᠮᠤᠷ ‍ᠢ ᠨᠢ ᠨᠢᠭᠡ ᠯᠡ ᠢᠷᠡᠭᠡᠳ ᠬᠠᠷᠠᠭᠠᠷᠠᠢ
ᠱᠠᠩᠲᠠ ᠪᠠᠷᠠᠲᠠᠭᠰᠠᠨ ᠬᠤᠯᠠᠨ ‍ᠤ ᠲᠣᠭᠣᠰᠣᠨ ‍ᠲᠤ ᠣᠷᠣᠭᠠᠷᠠᠢ
ᠰᠢᠷ᠎ᠠ ᠲᠠᠯ᠎ᠠ ‍ᠶ᠋ᠢᠨ ᠰᠠᠯᠬᠢ ᠨᠢ ᠦᠨᠦᠰᠦᠨ ᠤᠭᠲᠤᠲᠠᠭ ‍ᠢ ᠨᠢ ᠮᠡᠲᠡᠷᠡᠭᠡᠷᠡᠢ
 ᠂
 ᠲᠠᠯ᠎ᠠ ᠨᠢ ᠴᠡᠯᠡᠶ᠋ᠢᠵᠦ ᠲᠤᠯᠤᠭᠠᠳ ᠨᠢ ᠨᠠᠮᠰᠠᠭᠰᠠᠨ ᠮᠢᠨᠦ ᠯᠡ ᠭᠣᠪᠢ ᠡ
 ᠲᠠᠭᠠᠨ᠎ᠠ ᠬᠦᠮᠡᠯᠢ ‍ᠶ᠋ᠢᠨ ᠦᠨᠦᠷ ᠰᠡᠩᠭᠢᠨᠡᠭᠰᠡᠨ ᠮᠢᠨᠦ ᠯᠡ ᠭᠣᠪᠢ ᠡ
 ᠪᠣᠲᠣᠭᠣᠨ ᠪᠣᠶ᠋ᠢᠯᠠᠬ᠋᠎ᠠ ᠢᠩᠭᠡᠨ ᠨᠢᠯᠪᠤᠰᠤ ᠎ᠲᠠᠢ ᠮᠢᠨᠦ ᠯᠡ ᠭᠣᠪᠢ ᠡ
 ᠪᠣᠲᠣᠯ ᠣᠭᠰᠢᠭᠠᠵᠤ ᠰᠡᠤᠠᠬᠢᠯ ᠴᠡᠯᠮᠡᠭᠡᠭᠰᠡᠨ ᠮᠢᠨᠦ ᠯᠡ ᠭᠣᠪᠢ ᠡ
 ᠡᠭᠦᠯᠡ ᠨᠢ ᠬᠥᠭᠯᠡᠷᠡᠬᠦ ᠮᠠᠨᠠᠨ ᠳᠤᠮᠳᠠ ᠠ᠋ᠴᠠ
 ᠦᠲᠡ ‍ᠶ᠋ᠢᠨ ᠭᠣᠪᠢ ‍ᠶ᠋ᠢ ᠮᠢᠨᠢ ᠨᠢᠭᠡ ᠯᠡ ᠠᠵᠢᠭᠠᠷᠠᠢ
 ᠦᠶᠡᠷ ᠤᠰᠤ ᠰᠢᠭ᠋ ᠵᠡᠷᠭᠡᠯᠭᠡᠨ ‍ᠳᠦ ᠨᠢᠭᠡ ᠯᠡ ᠣᠷᠣᠭᠠᠷᠠᠢ
 ᠦᠯᠡᠮᠵᠢ ‍ᠶ᠋ᠢᠨ ᠴᠢᠨᠠᠷ ‍ᠢ ᠠᠶᠠᠯᠤᠭᠠᠳ ᠨᠢᠭᠡ ᠯᠡ ᠠᠷᠢᠭᠤᠰᠤᠭᠠᠷᠠᠢ
᠂
 ᠭᠣᠪᠢ ‍ᠲᠤ ᠮᠢᠨᠢ ᠲᠠ ᠨᠢᠭᠡ ᠯᠡ ᠢᠷᠡᠭᠡᠳ ᠦᠵᠡᠭᠡᠷᠡᠢ
 ᠭᠣᠯᠢᠶ᠎ᠠ ᠢᠰᠬᠡᠷᠬᠦ ᠨᠠᠮᠤᠷ ‍ᠢ ᠨᠢ ᠨᠢᠭᠡ ᠯᠡ ᠬᠠᠷᠠᠭᠠᠷᠠᠢ
 ᠱᠠᠩᠲᠠ ᠪᠠᠷᠠᠲᠠᠭᠰᠠᠨ ᠬᠤᠯᠠᠨ ‍ᠤ ᠲᠣᠭᠣᠰᠣᠨ ‍ᠲᠤ ᠣᠷᠣᠭᠠᠷᠠᠢ
 ᠰᠢᠷ᠎ᠠ ᠲᠠᠯ᠎ᠠ ‍ᠶ᠋ᠢᠨ ᠰᠠᠯᠬᠢ ᠨᠢ ᠦᠨᠦᠰᠦᠨ ᠤᠭᠲᠤᠲᠠᠭ ‍ᠢ ᠨᠢ ᠮᠡᠲᠡᠷᠡᠭᠡᠷᠡᠢ
 ᠰᠢᠷ᠎ᠠ ᠲᠠᠯ᠎ᠠ ‍ᠶ᠋ᠢᠨ ᠰᠠᠯᠬᠢ ᠨᠢ ᠦᠨᠦᠰᠦᠨ ᠤᠭᠲᠤᠲᠠᠭ ‍ᠢ ᠨᠢ ᠮᠡᠲᠡᠷᠡᠭᠡᠷᠡᠢ