ᠨᠠᠢᠷ ᠤᠨ ᠳᠠᠭᠤᠤНайрын дуу ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠢᠷ ᠤᠨ ᠳᠠᠭᠤᠤНайрын дуу

ᠨᠠᠢᠷ ᠤᠨ ᠳᠠᠭᠤᠤНайрын дуу

ᠠᠩᠭᠢᠯᠠᠯ:ᠳᠠᠭᠤᠤ ᠬᠥᠭᠵᠢᠮ
2023-01-16

379

ᠨᠠᠢᠷ ᠤᠨ ᠳᠠᠭᠤᠤ

   ᠦᠭᠡ ᠄ ᠤᠯᠠᠭᠠᠨᠲᠤᠶᠠᠬ᠋᠎ᠠ

   ᠠᠶᠠᠯᠭᠤ ᠄ ᠨᠠᠶᠠᠨᠲᠠᠢ
 
ᠠᠶ᠋ᠢᠷᠠᠭ ᠰᠦ᠋ ᠎ᠪᠡᠨ ᠬᠡᠮᠨᠡᠭᠡᠳ 

ᠠᠶ᠋ᠢᠯᠴᠢᠨ ᠭᠡᠶ᠋ᠢᠴᠢᠨ ‍ᠢᠶ᠋ᠡᠨ ᠵᠣᠴᠢᠯᠠᠨ ᠰᠠᠭᠤᠶ᠎ᠠ ᠬᠦ᠋

ᠠᠮᠠᠷᠠᠭ ᠬᠣᠶᠠᠭᠤᠯᠠ ‍ᠢᠶ᠋ᠠᠷ ‍ᠢᠶ᠋ᠠᠨ ᠳᠠᠭᠤᠤ ᠎ᠪᠠᠨ ᠳᠠᠭᠤᠯᠠᠭᠠᠳ

ᠠᠨᠲᠠ ᠨᠥᠬᠥᠳ ‍ᠢᠶ᠋ᠠᠨ ᠪᠠᠶᠠᠰᠬᠠᠶ᠎ᠠ ᠬᠦ᠋ ᠠ ᠬᠦ᠋
ᠭᠡᠶ᠋ᠢᠴᠢᠨ ᠵᠣᠴᠢᠨ ᠭᠡᠷ ‍ᠢᠶ᠋ᠡᠷ ᠳᠦᠭᠦᠷᠡᠩ ᠂ᠠ ᠬᠦ᠋
ᠭᠡᠷ ‍ᠦᠨ ᠡᠵᠡᠨ ᠰᠡᠤᠠᠬᠢᠯ ᠳᠦᠭᠦᠷᠡᠩ ᠰᠡᠤᠠᠬᠢᠯ ᠳᠦᠭᠦᠷᠡᠩ


ᠬᠣᠨᠢᠨ ᠰᠢᠭᠦᠰᠦ ᠎ᠪᠡᠨ ᠳᠡᠭᠡᠵᠢᠯᠡᠭᠡᠳ

ᠬᠣᠶᠠᠷ ᠬᠤᠨᠲᠠᠬ᠋᠎ᠠ ᠎ᠪᠠᠷ ᠰᠥᠩᠨᠡᠶ᠎ᠡ ᠬᠦ᠋

ᠬᠣᠯᠠ ᠣᠶ᠋ᠢᠷ᠎ᠠ ᠎ᠪᠠᠨ ᠶᠠᠷᠢᠯᠴᠠᠨ ᠶᠠᠷᠢᠯᠴᠠᠭᠠᠳ
ᠬᠣᠲᠠᠯᠠ ᠪᠦᠭᠦᠲᠡᠭᠡᠷ ‍ᠢᠶ᠋ᠡᠨ ᠨᠠᠷᠭᠢᠨ ᠰᠠᠭᠤᠶ᠎ᠠ ᠬᠦ᠋ ᠠ ᠬᠦ᠋
ᠭᠡᠶ᠋ᠢᠴᠢᠨ ᠵᠣᠴᠢᠨ ᠭᠡᠷ ‍ᠢᠶ᠋ᠡᠷ ᠳᠦᠭᠦᠷᠡᠩ ᠠ ᠬᠦ᠋

ᠭᠡᠷ ‍ᠦᠨ ᠡᠵᠡᠨ ᠰᠡᠤᠠᠬᠢᠯ ᠳᠦᠭᠦᠷᠡᠩ ᠰᠡᠤᠠᠬᠢᠯ ᠳᠦᠭᠦᠷᠡᠩ  


ᠬᠤᠭᠤᠷ ᠬᠤᠶ᠋ᠢᠴᠢᠨ ‍ᠢᠶ᠋ᠠᠨ ᠬᠥᠭᠯᠡᠭᠡᠳ

ᠬᠠᠭᠤᠴᠢᠨ ᠳᠠᠭᠤᠤ ᠎ᠪᠠᠨ ᠠᠶᠠᠯᠤᠶ᠎ᠠ ᠬᠦ᠋

ᠬᠣᠯᠠ ‍ᠶ᠋ᠢᠨ ᠵᠣᠴᠢᠨ ‍ᠢᠶ᠋ᠠᠨ ᠪᠠᠶᠠᠰᠬᠠᠨ ᠪᠠᠶᠠᠰᠬᠠᠭᠠᠳ
ᠬᠣᠷᠸ᠋᠎ᠠ ‍ᠶ᠋ᠢᠨ ᠰᠠᠶ᠋ᠢᠬᠠᠨ ‍ᠲᠤ ᠵᠢᠷᠭᠠᠨ ᠰᠠᠭᠤᠶ᠎ᠠ ᠬᠦ᠋  ᠠ ᠬᠦ᠋

ᠭᠡᠶ᠋ᠢᠴᠢᠨ ᠵᠣᠴᠢᠨ ᠭᠡᠷ ‍ᠢᠶ᠋ᠡᠷ ᠳᠦᠭᠦᠷᠡᠩ ᠠ ᠬᠦ᠋

ᠭᠡᠷ ‍ᠦᠨ ᠡᠵᠡᠨ ᠰᠡᠤᠠᠬᠢᠯ ᠳᠦᠭᠦᠷᠡᠩ ᠰᠡᠤᠠᠬᠢᠯ ᠳᠦᠭᠦᠷᠡᠩ


ᠰᠢᠵᠢᠷ ᠨᠠᠷᠠᠨ ‍ᠤ ᠲᠤᠶᠠᠭᠠᠨ ‍ᠳᠤ ᠎ᠪᠠᠨ

ᠰᠢᠨ᠎ᠡ ‍ᠶ᠋ᠢᠨ ᠴᠡᠢ ᠎ᠪᠡᠨ ᠰᠦᠯᠡᠶ᠎ᠡ ᠬᠦ᠋
ᠰᠢᠨᠵᠢ ᠲᠡᠭᠦᠰ ᠭᠡᠶ᠋ᠢᠴᠢᠨ ᠵᠣᠴᠢᠳ ᠎ᠲᠤ ᠎ᠪᠠᠨ

ᠰᠢᠨ᠎ᠡ ‍ᠶ᠋ᠢᠨ ᠨᠠᠶ᠋ᠢᠷ ‍ᠢᠶ᠋ᠠᠨ ᠡᠷᠭᠦᠨ ᠪᠠᠷᠢᠶ᠎ᠠ ᠬᠦ᠋  ᠠ ᠬᠦ᠋

ᠭᠡᠶ᠋ᠢᠴᠢᠨ ᠵᠣᠴᠢᠨ ᠭᠡᠷ ‍ᠢᠶ᠋ᠡᠷ ᠳᠦᠭᠦᠷᠡᠩ ᠠ ᠬᠦ᠋

ᠭᠡᠷ ‍ᠦᠨ ᠡᠵᠡᠨ ᠰᠡᠤᠠᠬᠢᠯ ᠳᠦᠭᠦᠷᠡᠩ ᠰᠡᠤᠠᠬᠢᠯ ᠳᠦᠭᠦᠷᠡᠩ

ᠭᠡᠶ᠋ᠢᠴᠢᠨ ᠵᠣᠴᠢᠨ ᠭᠡᠷ ‍ᠢᠶ᠋ᠡᠷ ᠳᠦᠭᠦᠷᠡᠩ ᠠ ᠬᠦ᠋

ᠭᠡᠷ ‍ᠦᠨ ᠡᠵᠡᠨ ᠰᠡᠤᠠᠬᠢᠯ ᠳᠦᠭᠦᠷᠡᠩ ᠰᠡᠤᠠᠬᠢᠯ ᠳᠦᠭᠦᠷᠡᠩ