ᠨᠠᠶᠠᠭᠠᠳ ᠤᠨ ᠤ ᠵᠢᠷᠤᠭᠯᠠᠯ- ᠬᠤᠨᠲᠤᠨ ᠪᠠᠭᠠᠲᠥᠷНаяад оны зураглал-хондон баатар
ᠨᠠᠶᠠᠭᠠᠳ ᠤᠨ ᠤ ᠵᠢᠷᠤᠭᠯᠠᠯ
— ᠬᠤᠨᠲᠤᠨ ᠪᠠᠭᠠᠲᠥᠷ
ᠨᠠᠶᠠᠭᠠᠳ ᠣᠨ ᠤ
ᠬᠥᠳᠡᠭᠡ ᠨᠠᠰᠤᠨ ᠪᠠᠭ᠎ᠠ ᠶ᠋ᠢᠨ ᠮᠢᠨᠢ ᠳᠤᠷᠠᠳᠬᠠᠯ
ᠨᠠᠳᠠ ᠳ᠋ᠤ᠌ ᠡᠷᠭᠢᠵᠦ
ᠢᠷᠡᠬᠦ ᠦᠭᠡᠢ ᠨᠡᠷᠡᠲᠦ ᠶ᠋ᠢᠨ ᠮᠥᠩᠬᠡ ᠵᠢᠷᠤᠭᠯᠠᠯ
ᠨᠠᠷᠮᠠᠢ ᠮᠣᠩᠭᠣᠯ
ᠠᠮᠢᠳᠤᠷᠠᠯ ᠤᠨ ᠦᠨᠡᠨ ᠪᠣᠳᠠᠲᠠᠢ ᠲᠡᠦᠬᠡ
ᠨᠠᠨᠳᠢᠩᠨᠠᠨ
ᠬᠠᠳᠠᠭᠠᠯᠠᠬᠤ ᠤᠴᠢᠷᠲᠠᠢ ᠤᠨᠠᠭᠠᠨ ᠨᠠᠰᠤᠨ ᠤ ᠵᠢᠷᠤᠭ ᠡ
ᠬᠥᠬᠡ ᠮᠥᠩᠭᠥᠨ ᠲᠡᠭᠷᠢ
ᠲᠣᠭᠣᠰᠣ ᠲᠣᠷᠲᠣᠭ ᠦᠭᠡᠢ ᠪᠠᠶ᠋ᠢᠭᠰᠠᠨ
ᠬᠦᠷᠬᠢᠷᠡᠨ ᠤᠷᠤᠰᠬᠤ
ᠭᠣᠣᠯ ᠮᠥᠷᠡᠨ ᠵᠢᠭᠠᠰᠤ ᠵᠢᠷᠠᠭᠠᠬᠠᠢ ᠡᠯᠪᠡᠭ ᠪᠠᠶ᠋ᠢᠭᠰᠠᠨ
ᠲᠣᠯᠢᠨ ᠪᠣᠯᠣᠷ ᠨᠠᠭᠤᠷ
ᠪᠦᠷᠢᠳᠦ ᠳ᠋ᠦ᠍ ᠭᠠᠯᠠᠭᠤ ᠨᠤᠭᠤᠰᠤ ᠠᠮᠤᠭᠤᠯᠠᠩ ᠪᠠᠶ᠋ᠢᠭᠰᠠᠨ
ᠲᠣᠣᠷ ᠬᠦᠷᠢᠶ᠎ᠡ ᠦᠭᠡᠢ
ᠲᠠᠯ᠎ᠠ ᠨᠤᠲᠤᠭ ᠬᠠᠷᠠᠭ᠎ᠠ ᠠᠯᠳᠠᠮ᠎ᠠ ᠲᠡᠨᠢᠭᠡᠷ ᠪᠠᠶ᠋ᠢᠭᠰᠠᠨ
ᠥᠨᠳᠥᠷ ᠰᠦᠷᠯᠢᠭ ᠠᠭᠤᠯᠠ
ᠬᠠᠶ᠋ᠢᠷᠬᠠᠨ ᠬᠥᠬᠡᠷᠡᠨ ᠰᠦᠨᠳᠡᠷᠯᠡᠨ ᠰᠡᠬᠦᠶ᠋ᠢᠭᠡᠳ
ᠡᠪᠦᠳᠦᠭ ᠳᠠᠪᠠᠮ᠎ᠠ
ᠪᠡᠯᠴᠢᠭᠡᠷ ᠬᠠᠳᠤᠯᠠᠩ ᠰᠠᠯᠬᠢᠨ ᠤ ᠠᠶᠠᠰ ᠢᠶ᠋ᠠᠷ ᠨᠠᠶ᠋ᠢᠭᠤᠭᠠᠳ
ᠡᠪᠦᠯᠵᠢᠶ᠎ᠡ ᠵᠤᠰᠠᠯᠠᠩ
ᠰᠡᠯᠭᠦᠵᠦ ᠳᠥᠷᠪᠡᠨ ᠤᠯᠠᠷᠢᠯ ᠢᠶ᠋ᠠᠷ ᠣᠲᠣᠷᠯᠠᠭᠠᠳ
ᠥᠩᠭᠡ ᠪᠦᠷᠢ ᠶ᠋ᠢᠨ
ᠴᠡᠴᠡᠭ ᠮᠢᠷᠠᠯᠵᠠᠨ ᠳᠡᠯᠭᠡᠷᠡᠭᠡᠳ ᠪᠥᠵᠢᠭᠯᠡᠳᠡᠭ ᠪᠠᠶ᠋ᠢᠭᠰᠠᠨ
ᠲᠠᠪᠤᠨ ᠡᠷᠳᠡᠨᠢᠲᠦ
ᠰᠦᠷᠦᠭ ᠲᠠᠯ᠎ᠠ ᠪᠦᠷᠬᠦᠨ ᠠᠯᠠᠭᠯᠠᠵᠤ
ᠲᠠᠷᠠᠭ ᠠᠶ᠋ᠢᠷᠠᠭ ᠰᠦ᠋
ᠰᠠᠭᠠᠯᠢ ᠬᠥᠨᠥᠭ ᠳᠦᠭᠦᠷᠡᠩ ᠴᠠᠯᠭᠢᠵᠤ
ᠲᠠᠷᠪᠠᠭ᠎ᠠ ᠵᠡᠭᠡᠷ᠎ᠡ
ᠬᠡᠭᠡᠷ᠎ᠡ ᠶ᠋ᠢᠨ ᠠᠮᠢᠲᠠᠨ ᠲᠠᠪᠠ ᠳᠤᠷ᠎ᠠ ᠪᠠᠷ ᠢᠶ᠋ᠠᠨ ᠲᠣᠭᠯᠠᠵᠤ
ᠳᠠᠭᠠᠨ᠎ᠠ ᠮᠠᠩᠭᠢᠷ
ᠵᠦᠢᠯ ᠦᠨ ᠤᠷᠭᠤᠮᠠᠯ ᠰᠠᠮᠰᠠ ᠰᠡᠩᠭᠢᠨᠡᠭᠦᠯᠦᠨ ᠬᠠᠯᠢᠭᠤᠷᠠᠳᠠᠭ ᠪᠠᠶ᠋ᠢᠬᠰᠠᠨ
ᠥᠨᠳᠥᠷ ᠨᠠᠰᠤᠲᠠᠢ
ᠡᠪᠦᠭᠡ ᠭᠡᠷ ᠦᠨ ᠪᠠᠷᠠᠭᠤᠨ ᠳ᠋ᠤ᠌ ᠨᠣᠭᠲᠣ ᠴᠢᠳᠥᠷ ᠮᠤᠰᠬᠢᠵᠤ
ᠥᠲᠡᠯᠦᠭᠡ ᠪᠤᠭᠤᠷᠤᠯ
ᠡᠮᠡᠭᠡ ᠲᠤᠯᠭ᠎ᠠ ᠶ᠋ᠢᠨ ᠵᠠᠬ᠎ᠠ ᠳ᠋ᠤ᠌ ᠤᠲᠠᠰᠤ ᠡᠭᠡᠷᠡᠦᠯ ᠲᠠᠢ
ᠵᠢᠭᠤᠷᠠᠯᠳᠤᠵᠤ
ᠢᠳᠡ ᠬᠦᠴᠦ ᠲᠡᠢ
ᠵᠠᠯᠠᠭᠤᠰ ᠦᠷ ᠰᠥᠨᠢ ᠪᠡᠷ ᠠᠳᠤᠭᠤᠨ ᠳᠤ ᠪᠠᠨ ᠮᠣᠷᠳᠠᠵᠤ
ᠦᠵᠡᠰᠬᠦᠯᠡᠩ ᠭᠤᠸ᠋᠎ᠠ
ᠪᠦᠰᠡᠭᠦᠶ᠋ᠢᠴᠦᠳ ᠦᠨᠢᠶ᠎ᠡ ᠲᠤᠭᠤᠯ ᠭᠡᠳ ᠶᠠᠭᠠᠷᠠᠳᠠᠭ ᠪᠠᠶ᠋ᠢᠭᠰᠠᠨ
ᠲᠣᠭᠣᠨᠣ ᠪᠠᠷ ᠳᠤᠰᠬᠤ
ᠨᠠᠷᠠᠨ ᠢᠶ᠋ᠠᠷ ᠡᠳᠦᠷ ᠦᠨ ᠴᠠᠭ ᠢᠶ᠋ᠡᠨ ᠬᠡᠮᠵᠢᠵᠦ
ᠲᠤᠭᠤᠷᠭᠠᠲᠤ ᠭᠡᠷ ᠦᠨ
ᠬᠠᠶᠠᠭ᠎ᠠ ᠪᠠᠷ ᠬᠣᠷᠸ᠋᠎ᠠ ᠪᠦᠬᠦᠨ ᠳᠦ ᠠᠵᠢᠵᠤ
ᠮᠠᠨᠳᠤᠬᠤ ᠰᠢᠩᠭᠡᠬᠦ
ᠨᠠᠷᠠ ᠶ᠋ᠢ ᠠᠵᠢᠭᠯᠠᠨ ᠴᠠᠭ ᠠᠭᠠᠷ ᠢ ᠰᠢᠨᠵᠢᠵᠦ
ᠮᠠᠨᠲᠣᠭᠣᠷ ᠬᠥᠭᠡᠷᠦᠬᠦᠨ
ᠬᠡᠦᠬᠡᠳ ᠦᠳ ᠲᠣᠭᠣᠰᠣ ᠰᠢᠷᠣᠢ ᠲᠠᠢ ᠬᠤᠳᠬᠤᠨ ᠪᠠᠶ᠋ᠢᠵᠤ ᠲᠤᠷᠨᠢᠳᠠᠭ ᠪᠠᠶ᠋ᠢᠭᠰᠠᠨ
ᠳᠡᠭᠡᠷ᠎ᠡ ᠵᠠᠭᠤᠨ ᠤ
ᠨᠠᠶᠠᠭᠠᠳ ᠣᠨ ᠳᠡᠯᠭᠡᠭᠰᠡᠨ ᠵᠢᠷᠤᠭ ᠰᠢᠭ᠋ ᠰᠠᠶ᠋ᠢᠬᠠᠨ ᠪᠠᠶ᠋ᠢᠭᠰᠠᠨ
ᠳᠡᠪᠡᠯ ᠲᠡᠢ ᠮᠣᠩᠭᠣᠯ
ᠲᠦᠮᠡᠨ ᠮᠢᠨᠢ ᠳᠡᠯᠡᠬᠡᠢ ᠲᠡᠢ ᠪᠡᠨ ᠳᠠᠩᠴᠤ ᠣᠶ᠋ᠢᠷᠠᠬᠠᠨ ᠪᠠᠶ᠋ᠢᠭᠰᠠᠨ
ᠳᠡᠭᠡᠳᠦᠯᠡᠵᠦ
ᠡᠷᠬᠢᠮᠯᠡᠳᠡᠭ ᠡᠪᠦᠭᠡᠳ ᠦᠨ ᠰᠤᠷᠭᠠᠯ ᠵᠢᠷᠦᠬᠡᠨ ᠳ᠋ᠦ᠍ ᠲᠠᠩᠳᠠ ᠰᠡᠶ᠋ᠢᠯᠦᠭᠡᠰᠦᠲᠡᠢ ᠪᠠᠶ᠋ᠢᠭᠰᠠᠨ
ᠳᠡᠯᠭᠡᠷ ᠨᠤᠲᠤᠭ ᠤᠨ
ᠠᠮᠢ ᠠᠬᠤᠢ ᠲᠠᠯᠬᠢᠬᠳᠠᠯ ᠦᠭᠡᠢ ᠣᠩᠭᠣᠨ ᠪᠠᠶ᠋ᠢᠭᠰᠠᠨ ᠡ
— ᠨᠠᠮᠤᠷ ᠤᠨ ᠰᠡᠭᠦᠯ ᠰᠠᠷ᠎ᠠ
