ᠪᠤᠴᠠᠭᠠᠵᠤ ᠨᠡᠬᠡᠬᠦ ᠦᠭᠡᠢ ᠬᠠᠢᠷ᠎ᠠ- ᠪ ᠣᠭ᠌ᠶᠤБуцааж нэхэхгүй хайр-б оюу
ᠪᠤᠴᠠᠭᠠᠵᠤ ᠨᠡᠬᠡᠬᠦ ᠦᠭᠡᠢ ᠬᠠᠢᠷ᠎ᠠ
ᠦᠭᠡ ᠄ ᠬ ᠴᠢᠯᠡᠵᠠᠪ
ᠠᠶ᠎ᠠ ᠄ ᠰ ᠢᠱᠢᠬᠦᠢ᠍ᠦ
ᠪ ᠣᠭ᠌ᠶᠤ ᠳᠠᠭᠤᠯᠠᠨ᠎ᠠ
ᠨᠡᠭᠦᠳᠡᠯ ᠦᠨ
ᠰᠢᠪᠠᠭᠤᠳ ᠤᠨ ᠬᠣᠶ᠋ᠢᠨ᠎ᠠ ᠠᠴᠠ ᠭᠤᠨᠢᠬᠤ ᠬᠦᠮᠦᠨ ᠣᠯᠠᠨ ᠴᠤ᠌
ᠨᠢᠳᠦᠨ ᠡᠴᠡ ᠳᠠᠯᠳᠠ
ᠭᠠᠭᠴᠠᠬᠠᠨ ᠡᠵᠢ ᠮᠢᠨᠢ ᠯᠠ ᠨᠠᠮ᠎ᠠ ᠶ᠋ᠢ ᠪᠣᠳᠣᠨ᠎ᠠ
ᠡᠨᠡ ᠣᠷᠴᠢᠯᠠᠩ ᠢᠶ᠋ᠡᠷ
ᠳᠦᠭᠦᠷᠡᠩ ᠡᠵᠢ ᠡ ᠭᠡᠵᠦ ᠬᠠᠰᠬᠢᠷᠪᠠᠯ
ᠡᠵᠢ ᠮᠢᠨᠢ ᠯᠠ
ᠭᠠᠭᠴᠠᠭᠠᠷ ᠮᠢᠨᠦ ᠳᠠᠭᠤ ᠶᠢ ᠲᠠᠨᠢᠨ᠎ᠠ ᠪᠠᠢᠢᠬᠤ ᠳ᠋ᠠ
ᠬᠦᠰᠡᠯ ᠡᠴᠡ ᠭᠠᠵᠢᠭᠤᠳ
ᠲᠠᠪᠢᠯᠠᠩ ᠳᠤ ᠲᠥᠭᠡᠷᠢᠵᠦ ᠪᠤᠳᠤᠯᠢᠵᠤ ᠶᠠᠪᠤᠬᠤ ᠳᠤ ᠮᠢᠨᠢ
ᠬᠦᠦ ᠪᠡᠨ ᠶᠠᠭᠠᠬᠢᠵᠤ
ᠶᠠᠪᠤᠭ᠎ᠠ ᠶᠢ ᠵᠥᠩ ᠢᠶ᠋ᠠᠷ ᠢᠶ᠋ᠠᠨ ᠲᠠᠭᠠᠵᠤ
ᠮᠡᠳᠡᠷᠡᠨ᠎ᠡ
ᠨᠢᠭᠦᠯᠳᠦ
ᠰᠠᠨᠠᠭ᠎ᠠ ᠦᠭᠡᠢ ᠠᠯᠳᠠᠭᠠᠨ ᠳᠤ ᠮᠢᠨᠢ ᠬᠠᠷᠠᠭᠤᠰᠤᠭᠠᠳ
ᠨᠢᠳᠦᠨ ᠳᠦ ᠪᠡᠨ
ᠪᠠᠭᠲᠠᠬᠤ ᠦᠭᠡᠢ ᠨᠢᠯᠪᠤᠰᠤ ᠨᠢ ᠤᠷᠤᠰᠴᠤ ᠮᠡᠯᠮᠡᠷᠡᠨ᠎ᠡ
ᠰᠡᠭᠦᠯᠴᠢ ᠶᠢᠨ ᠭᠠᠭᠴᠠ
ᠠᠮᠢᠰᠬᠤᠯ ᠢᠶ᠋ᠡᠨ ᠴᠡᠴᠡᠭ ᠲᠦ ᠰᠢᠩᠭᠡᠭᠡᠵᠦ ᠲᠠ ᠣᠷᠬᠢᠭᠠᠳ
ᠰᠦ᠋ ᠪᠡᠷ ᠨᠠᠮ᠎ᠠ ᠶ᠋ᠢ
ᠳᠡᠯᠡᠬᠡᠢ ᠳᠤ ᠪᠠᠨ ᠳᠠᠭᠠᠳᠬᠠᠨ ᠥᠪᠡᠷ ᠢᠶ᠋ᠡᠨ ᠣᠳᠬᠤ ᠪᠣᠢ ᠳ᠋ᠠ
ᠪᠤᠴᠠᠭᠠᠵᠤ
ᠨᠡᠬᠡᠬᠦ ᠦᠭᠡᠢ ᠬᠠᠢᠢᠷ᠎ᠠ ᠪᠠᠨ ᠭᠠᠭᠴᠠᠬᠠᠨ ᠲᠡᠰᠢ ᠨᠢ ᠠᠰᠬᠠᠴᠢᠬᠠᠭᠠᠳ
ᠪᠣᠬᠢᠮᠳᠠᠬᠤ ᠴᠤ᠌ ᠦᠭᠡᠢ
ᠬᠠᠷᠠᠭᠤᠰᠬᠤ ᠴᠤ᠌ ᠦᠭᠡᠢ ᠣᠷᠴᠢᠯᠠᠩ ᠡᠴᠡ ᠣᠳᠴᠢᠬᠠᠬᠤ ᠪᠣᠢ ᠳ᠋ᠡ ᠡᠵᠢ ᠮᠢᠨᠢ
ᠵᠥᠪᠬᠡᠨ ᠨᠢᠭᠡ ᠯᠠ
ᠡᠳᠦᠷ ᠦᠨ ᠨᠠᠷᠠᠨ ᠨᠠᠳᠠ ᠳᠤ ᠬᠠᠯᠲᠠᠷ ᠬᠠᠷᠠᠭᠳᠠᠭᠠᠳ
ᠨᠡᠬᠡᠯ ᠬᠠᠲᠠᠭᠤ
ᠬᠣᠷᠸ᠋᠎ᠠ ᠡᠵᠢ ᠶ᠋ᠢ ᠮᠢᠨᠢ ᠠᠪᠤᠭᠠᠳ ᠣᠳᠤᠨ᠎ᠠ
ᠴᠡᠴᠡᠭ ᠦᠨ ᠰᠢᠭᠦᠳᠡᠷᠢ
ᠬᠦᠷᠲᠡᠯ᠎ᠡ ᠨᠠᠰᠤᠲᠠᠢ ᠪᠠᠢᠢᠳᠠᠭ ᠢ ᠠᠩᠵᠠᠭᠠᠷᠠᠵᠤ
ᠴᠡᠩ ᠴᠡᠩ ᠦᠨ ᠨᠢᠯᠪᠤᠰᠤ
ᠨᠢ ᠦᠨᠡᠲᠡᠢ ᠪᠠᠢᠢᠳᠠᠭ ᠢ ᠮᠡᠳᠡᠷᠡᠨ᠎ᠡ
ᠨᠤᠲᠤᠭ ᠤᠨ ᠨᠢᠭᠡ
ᠴᠢᠯᠠᠭᠤ ᠶᠢ ᠡᠵᠢ ᠶᠢᠨ ᠢᠶ᠋ᠠᠨ ᠣᠷᠣᠨ ᠳᠤ ᠪᠣᠰᠬᠠᠭᠠᠳ
ᠨᠢᠯᠪᠤᠰᠤ ᠲᠠᠢ
ᠨᠢᠳᠦ ᠪᠡᠷ ᠬᠣᠷᠸ᠋᠎ᠠ ᠶ᠋ᠢ ᠠᠵᠢᠬᠤ ᠶᠢᠨ ᠲᠡᠷᠡ ᠴᠠᠭ ᠲᠤ
ᠭᠠᠭᠴᠠᠭᠠᠷᠳᠠᠬᠤ ᠶᠢᠨ
ᠦᠶ᠎ᠡ ᠳᠦ ᠪᠡᠨ ᠪᠠᠷᠢᠴᠠ ᠦᠭᠡᠢ ᠣᠷᠴᠢᠯᠠᠩ ᠢ ᠮᠡᠳᠡᠷᠡᠭᠡᠳ
ᠭᠠᠨᠲᠢᠭ ᠴᠢᠯᠠᠭᠤ
ᠲᠦᠰᠢᠭᠡᠳ ᠤᠬᠢᠯᠠᠵᠤ ᠵᠣᠭᠰᠣᠬᠤ ᠪᠣᠢ ᠳ᠋ᠡ
ᠰᠡᠭᠦᠯᠴᠢ ᠶᠢᠨ ᠭᠠᠭᠴᠠ
ᠠᠮᠢᠰᠬᠤᠯ ᠢᠶ᠋ᠠᠨ ᠴᠡᠴᠡᠭ ᠲᠤ᠌ ᠰᠢᠩᠭᠡᠭᠡᠵᠦ ᠲᠠ ᠣᠷᠬᠢᠭᠠᠳ
ᠰᠦ᠋ ᠪᠡᠷ ᠨᠠᠮ᠎ᠠ ᠶ᠋ᠢ
ᠳᠡᠯᠡᠬᠡᠢ ᠳᠤ ᠪᠠᠨ ᠤᠷᠬᠢᠭᠠᠳ ᠥᠪᠡᠷ ᠢᠶ᠋ᠡᠨ ᠣᠳᠬᠤ ᠪᠣᠢ ᠳ᠋ᠠ
ᠪᠤᠴᠠᠭᠠᠵᠤ
ᠨᠡᠬᠡᠬᠦ ᠦᠭᠡᠢ ᠬᠠᠢ᠍ᠢᠷᠠ ᠪᠠᠨ ᠭᠠᠭᠴᠠᠬᠠᠨ ᠲᠡᠰᠢ
ᠨᠢ ᠠᠰᠬᠠᠴᠢᠬᠠᠭᠠᠳ
ᠪᠣᠬᠢᠮᠳᠠᠬᠤ ᠴᠤ᠌ ᠦᠭᠡᠢ
ᠬᠠᠷᠠᠭᠤᠰᠬᠤ ᠴᠤ᠌ ᠦᠭᠡᠢ ᠣᠷᠴᠢᠯᠠᠩ ᠡᠴᠡ ᠣᠳᠴᠢᠬᠠᠬᠤ ᠪᠣᠢ ᠳ᠋ᠡ ᠡᠵᠢ ᠮᠢᠨᠢ
