ᠮᠠᠯᠴᠢᠨ - ᠼ ᠂ ᠴᠢᠮᠡᠳᠳᠣᠷᠵᠢ 《 ᠪᠣᠯᠣᠷ ᠴᠣᠮᠣ 》1989 ᠣᠨ ᠤ ᠲᠡᠷᠢᠭᠦᠨ ᠰᠢᠯᠦᠭ Малчин – Ц.Чимэддорж Болор цом -1989 оны тэргүүн шүлэг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠯᠴᠢᠨ - ᠼ ᠂ ᠴᠢᠮᠡᠳᠳᠣᠷᠵᠢ 《 ᠪᠣᠯᠣᠷ ᠴᠣᠮᠣ 》1989 ᠣᠨ ᠤ ᠲᠡᠷᠢᠭᠦᠨ ᠰᠢᠯᠦᠭ Малчин – Ц.Чимэддорж Болор цом -1989 оны тэргүүн шүлэг

ᠮᠠᠯᠴᠢᠨ - ᠼ ᠂ ᠴᠢᠮᠡᠳᠳᠣᠷᠵᠢ 《 ᠪᠣᠯᠣᠷ ᠴᠣᠮᠣ 》1989 ᠣᠨ ᠤ ᠲᠡᠷᠢᠭᠦᠨ ᠰᠢᠯᠦᠭ Малчин – Ц.Чимэддорж Болор цом -1989 оны тэргүүн шүлэг

2023-01-19

969

ᠮᠠᠯᠴᠢᠨ


        -  ᠼ ᠂  ᠴᠢᠮᠡᠳᠳᠣᠷᠵᠢ  
       《 ᠪᠣᠯᠣᠷ ᠴᠣᠮᠣ 》1989 ᠣᠨ ᠤ ᠲᠡᠷᠢᠭᠦᠨ ᠰᠢᠯᠦᠭ  

ᠨᠠᠷᠠᠨ ‍ᠤ ᠳᠠᠯᠠᠯᠭ᠎ᠠ᠎ ᠲᠠᠢ ᠭᠠᠵᠠᠷ ᠳᠡᠭᠡᠷ᠎ᠡ ᠬᠡᠳᠦᠨ ᠮᠠᠯ ‍ᠢᠶ᠋ᠠᠨ ᠭᠡᠵᠦ
ᠨᠠᠮᠤᠷ᠎ ᠤᠨ ᠳᠤᠮᠳᠠ ᠰᠠᠷ᠎ᠠ ᠶ᠋ᠢᠨ ᠠᠷᠪᠠᠨ ᠲᠠᠪᠤᠨ ᠤ ᠲᠩᠷᠢ ᠠᠵᠢᠭᠯᠠᠭᠰᠠᠨ
ᠴᠠᠭ ᠴᠠᠭ ‍ᠤᠨ ᠦᠪᠡᠷ ᠲᠦ ᠲᠦᠷᠬᠦ ᠪᠡᠨ ᠠᠯᠳᠠᠵᠤ ᠡᠪᠳᠡᠷᠡᠯ᠎ ᠦᠭᠡᠢ
ᠴᠠᠳᠢᠭ ᠲᠡᠦᠬᠡ ᠤᠯᠪᠠᠭᠠᠯᠠᠵᠤ ᠡᠪᠦᠭᠡᠳ ‍ᠤᠨ ‍ᠢᠶ᠋ᠠᠨ ᠨᠤᠲᠤᠭ ᠲᠤ ᠡᠵᠡᠨ ᠰᠠᠭᠤᠭᠰᠠᠨ
ᠰᠢᠭᠰᠢᠭ ᠳᠠᠷᠤᠭᠰᠠᠨ ᠲᠣᠭᠣᠨᠣᠨ ‍ᠳᠤ ᠎ᠪᠠᠨ ᠤᠲᠤᠭ᠎ᠠ ᠵᠠᠭᠤᠭᠰᠠᠨ ᠬᠠᠳᠠᠭ ᠎ᠲᠠᠢ
ᠰᠢᠷᠢᠮᠡᠯ ᠲᠣᠭᠤᠷᠢᠭᠤᠯᠭ᠎ᠠ ᠳᠡᠭᠡᠷ᠎ᠡ ᠪᠡᠨ ᠠᠵᠠ᠎ ᠶ᠋ᠢᠨ ᠳᠥᠷᠪᠡᠨ ᠪᠡᠷᠬᠡ ᠲᠡᠢ
ᠳᠠᠪᠬᠢᠭᠠᠳ ᠪᠠᠭᠤᠬᠤ ‍ᠳᠤ ᠴᠣᠣᠵᠢ ᠦᠭᠡᠢ ᠠᠶ᠋ᠢᠯ ᠮᠠᠯᠴᠢᠨ ᠲᠠᠨ ‍ᠤ ᠬᠢ  
ᠲᠠᠶᠠᠩ ‍ᠳᠤ ᠭᠠᠭᠴᠠᠬᠠᠨ ᠴᠠᠭᠤᠷᠭ᠎ᠠ ᠦᠭᠡᠢ ᠰᠡᠳᠬᠢᠯ ᠮᠠᠯᠴᠢᠨ ᠲᠠᠨ ‍ᠤ ᠬᠢ
ᠪᠣᠲᠣᠭᠣ ᠎ᠪᠠᠨ ᠭᠣᠯᠤᠭᠰᠠᠨ ᠢᠩᠭᠡ  ᠬᠦᠭᠡᠰᠦᠯᠡᠨ ᠬᠠᠮᠲᠤ ᠤᠬᠢᠯᠠᠨ᠎ᠠ
ᠪᠣᠷᠤᠭ᠎ᠠ ᠣᠷᠤᠬᠤ᠎ ᠦᠭᠡᠢ ᠪᠣᠯᠬᠤ᠎ ᠪᠠᠷ ᠣᠪᠤᠭ᠎ᠠ ᠪᠠᠨ ᠲᠠᠶ᠋ᠢᠵᠤ ᠳᠠᠯᠠᠯᠤᠨ᠎ᠠ
ᠥᠭᠡᠨᠲᠡᠭᠴᠢ ᠬᠣᠷᠸ᠋᠎ᠠ ‍ᠳᠤ ᠭᠣᠮᠤᠳᠠᠪᠠᠯ ᠬᠤᠭᠤᠷ ‍ᠢᠶ᠋ᠠᠨ ᠲᠠᠲᠠᠵᠤ ᠲᠠᠶ᠋ᠢᠳᠬᠤᠷᠠᠨ᠎ᠠ
ᠥᠪᠡᠷ ‍ᠢᠶ᠋ᠡᠨ ᠦᠪᠡᠷ ᠲᠦ ᠎ᠪᠡᠨ ᠶᠠᠷᠢᠵᠤ ᠣᠷᠴᠢᠯᠠᠩ ᠤᠨ ᠡᠭᠡᠳᠡᠷᠡᠭᠡᠨ ‍ᠢ ᠲᠠᠶ᠋ᠢᠯᠤᠨ᠎ᠡ
ᠬᠤᠷᠤᠭᠤᠨ ‍ᠳᠤ ᠪᠠᠨ ᠪᠦᠭᠡᠵᠢ ᠴᠢᠬᠢᠨ ‍ᠳᠦ ᠎ᠪᠡᠨ ᠡᠭᠡᠮᠦᠭ ᠵᠡᠬᠦᠶ᠎ᠡ ᠭᠡᠬᠦ ᠡᠴᠡ ᠎ᠪᠡᠨ
ᠬᠤᠷᠴᠠ ᠲᠦᠷᠭᠡᠨ ᠮᠣᠷᠢᠳ ‍ᠢᠶ᠋ᠠᠨ ᠴᠤᠯᠤ ᠮᠦᠩᠭᠦ ᠪᠡᠷ ᠬᠠᠵᠠᠭᠠᠷᠯᠠᠭᠰᠠᠨ
ᠮᠡᠳᠡᠯ ᠰᠦᠷ ᠠᠯᠪᠠᠨ ᠲᠤᠰᠢᠶᠠᠯ ᠬᠥᠭᠡᠭᠡᠴᠡᠯᠳᠦᠬᠦ  ‍ᠶ᠋ᠢ
ᠪᠡᠴᠢᠨ ᠵᠢᠯ ᠤᠨ ᠠᠭᠠᠰᠢ ᠵᠤᠳ ᠎ᠡᠴᠡ ᠴᠣ᠌ ᠳᠣᠣᠷᠠᠳᠤ ᠪᠣᠳᠤᠭᠰᠠᠨ
ᠠᠷᠠᠳ᠎ ‍ᠤᠨ ‍ᠢᠶ᠋ᠠᠨ ᠳᠠᠭᠤᠤ ᠪᠢᠯᠢᠭ ‍ᠢ ᠮᠣᠷᠢᠨ ᠳᠡᠯ  ᠳᠡᠭᠡᠷ᠎ᠡ ᠲᠣᠭᠲᠠᠭᠠᠭᠠᠭᠰᠠᠨ
ᠠᠯᠲᠠᠨ ᠭᠤᠤ᠎ ᠲᠠᠢ ᠵᠢᠷᠤᠭ ᠲᠦ ᠨᠢ ᠲᠦᠮᠡᠨ  ‍ᠤ ᠡᠬᠡ ᠢᠨᠴᠠᠭᠠᠭᠰᠠᠨ
ᠰᠤᠷ ᠬᠠᠷ᠎ᠠ ᠡᠯᠳᠡᠬᠦ ᠳ᠋ᠡᠭᠡᠨ ᠴᠤ᠌ ᠪᠣᠳᠤᠯ ‍ᠢᠶ᠋ᠡᠨ ᠴᠤᠭ ᠡᠯᠳᠡᠳᠡᠭ ‍ᠢ
ᠰᠤᠷᠭᠠᠭᠤᠯᠢ᠎ ‍ᠳᠦ ᠦᠵᠡᠭᠰᠡᠨ ‍ᠢᠶ᠋ᠠᠨ ᠮᠠᠷᠲᠠᠭᠰᠠᠨ ᠴᠤ᠌
ᠡᠪᠦᠭᠡᠳ ‍ᠦᠨ ‍ᠢᠶ᠋ᠡᠨ ᠦᠭᠡ ‍ᠶ᠋ᠢ ᠮᠠᠷᠲᠠᠭ᠎ᠠ᠎ ᠦᠭᠡᠢ
ᠬᠣᠨᠢ ᠮᠠᠯ  ᠳᠡᠯᠡᠩᠳᠦᠵᠦ ᠬᠣᠷᠸ᠋᠎ᠠ ‍ᠶ᠋ᠢ
ᠪᠠᠷᠠᠬᠤ ᠨᠢ ᠭᠡᠵᠦ  ᠭᠤᠲᠤᠷᠠᠳᠠᠭ ᠦᠭᠡᠢ 
ᠬᠣᠪᠤᠷ ᠪᠠᠷᠠᠭ᠎ᠠ ᠳᠠᠭᠠᠭᠤᠯᠤᠭᠰᠠᠨ 
ᠪᠠᠶᠠᠷ ‍ᠦᠨ ᠪᠢᠴᠢᠭ᠌᠎ ᠲᠦ ᠬᠥᠭᠡᠷᠳᠡᠭ ᠦᠭᠡᠢ
ᠣᠭᠲᠤ ᠪᠣᠯᠬᠤ ᠥᠭᠡᠢ ᠶᠠᠭᠤᠮ᠎ᠠ ‍ᠶ᠋ᠢ᠎ ᠴᠤ᠌
ᠪᠣᠯᠵᠤ ᠯᠠ ᠪᠠᠶ᠋ᠢᠨ᠎ᠠ ᠭᠡᠵᠦ ᠪᠣᠳᠤᠳᠠᠭ
ᠣᠷᠤᠢ ᠶ᠋ᠢᠨ ᠳᠡᠭᠡᠳᠦ ᠲᠥᠷᠦ ᠶ᠋ᠢᠨ ‍‍ᠢᠶ᠋ᠡᠨ 
ᠭᠡᠭᠡᠨ ᠰᠦᠯᠳᠡᠨ ‍ᠳᠦ ᠵᠠᠯᠪᠠᠷᠢᠳᠠᠭ
ᠮᠠᠯᠠᠭᠠᠢ ᠶ᠋ᠢᠨ ᠤᠲᠤᠭ᠎ᠠ ᠰᠡᠷᠭᠦᠭᠡᠵᠦ
ᠨᠡᠷᠡᠮᠡᠯ᠎ ‍ᠳᠦ ᠵᠢᠭᠠᠬᠠᠨ ᠬᠠᠯᠠᠬᠤ ᠎ᠪᠠᠷ ᠢᠶᠠᠨ
ᠮᠠᠯ ᠪᠤᠶᠠᠨ ‍ᠢᠶ᠋ᠠᠨ ᠶᠠᠭᠠᠬᠢᠵᠤ ᠠᠳᠤᠭᠤᠯᠤᠨ ᠮᠠᠯᠯᠠᠬᠤ᠎ ‍ᠶ᠋ᠢ
ᠮᠠᠷᠺᠰᠢᠽᠠᠮ ᠢᠶᠠᠷ ᠵᠢᠭᠠᠯᠭᠠᠬᠤ ᠦᠭᠡᠢ ᠡ ᠭᠡᠳ ᠬᠡᠯᠡᠴᠢᠭᠡᠳᠡᠭ
ᠡᠴᠢᠭᠡ ‍ᠳᠦ ᠪᠡᠨ ᠴᠢᠳᠦᠷ ‍ᠦᠨ ᠮᠣᠷᠢ ‍ᠶ᠋ᠢ ᠲᠥᠬᠥᠭᠦᠯᠵᠦ ᠲᠤᠰᠠ᠎ ‍ᠳᠦ ᠣᠷᠤᠭᠰᠠᠨ 
ᠡᠬᠡ ᠡᠴᠡ ᠲᠥᠷᠥᠬᠦ ᠶ᠋ᠢᠨ ᠮᠠᠯᠴᠢᠨ ᠠᠮᠢᠳᠤᠷᠠᠯ᠎ ‍ᠤᠨ ᠬᠠᠷ᠎ᠠ ᠤᠬᠠᠭᠠᠨ
ᠬᠡᠰᠢᠭ ᠡᠳᠦᠷ ᠲᠠᠭᠠᠷᠠᠭᠤᠯᠤᠨ ᠬᠣᠨᠢᠨ ‍ᠤ ᠪᠡᠯᠴᠢᠭᠡᠷ᠎ ᠲᠦ ᠠᠭᠤᠯᠵᠠᠵᠤ
ᠬᠡᠪ ᠬᠠᠳᠠᠭ ᠰᠢᠭ᠋ ᠲᠩᠷᠢ ᠳᠣᠣᠷ᠎ᠠ ᠳᠥᠷᠥᠭᠡ ᠬᠥᠯᠢᠮ ᠬᠠᠷᠰᠢᠭᠤᠯᠵᠤ
ᠢᠵᠢᠢ ᠠᠪᠤ ‍ ᠶ᠋ᠢᠨ ᠮᠢᠨᠢ ᠨᠤᠲᠤᠭ ᠭᠡᠵᠦ ᠨᠢᠭᠡ ᠪᠠᠶᠠᠷᠯᠠᠵᠤ
ᠢᠪᠡᢉᠡᠯ ᠵᠢᠯ᠎ ᠲᠡᠢ ᠶᠤᠮ ᠪᠢᠳᠡ ᠬᠣᠶᠠᠷ  ᠭᠡᠵᠦ ᠨᠢᠭᠡ ᠤᠶᠠᠷᠠᠵᠤ
ᠭᠠᠷᠤᠭᠤᠯ ᠤᠨᠠᠭᠠᠨ ᠮᠣᠷᠢᠨ ‍ᠤ ᠪᠠᠨ ᠵᠢᠯᠣᠭᠣ ‍ᠶ᠋ᠢ ᠰᠤᠯᠠ ᠣᠷᠬᠢᠵᠤ 
ᠭᠠᠨᠵᠤᠭ᠎ᠠ ᠰᠢᠷᠢᠯᠳᠦᠲᠡᠯ᠎ᠡ ᠲᠡᠪᠡᠷᠢᠯᠳᠦᠨ 
ᠡᠮᠡᠭᠡᠯ ᠳᠡᠭᠡᠷ᠎ᠡ ᠪᠡᠨ ᠳᠦᠰᠢᠯᠴᠡᠭ᠍ᠰᠡᠨ ᠬᠠᠶ᠋ᠢᠷ᠎ᠠ
ᠨᠤᠲᠤᠭ ᠤᠨ ᠢᠶᠠᠨ ᠴᠢᠯᠠᠭᠤ ᠪᠠᠷ ᠲᠣᠭᠯᠠᠵᠤ ᠥᠰᠥᠭᠰᠡᠨ 
ᠡᠭᠡᠯ ᠵᠠᠶᠠᠭ᠎ᠠ ᠨᠢᠭᠡᠳᠬᠡᠵᠦ
ᠨᠤᠲᠤᠭ ᠤᠨ ᠢᠶᠠᠨ ᠯᠠ ᠴᠢᠯᠠᠭᠤ ᠪᠠᠷ ᠳᠤᠯᠠᠭᠠᠯᠠᠭᠰᠠᠨ
ᠭᠠᠯ ᠪᠣᠯᠵᠤ ᠠᠰᠠᠭᠰᠠᠨ
ᠳᠦᠭᠦᠷᠡᠩ ᠬᠡᠰᠢᠭ ᠨᠢ ᠳᠡᠯᠭᠡᠷᠡᠭ᠍ᠰᠡᠨ
ᠮᠠᠯ ᠢᠶᠠᠨ ᠨᠢᠭᠡ ᠪᠥᠭᠡᠴᠡᠢᠯᠡᠬᠦ
ᠭᠠᠩᠭᠠᠩ ᠭᠡᠭᠡᠨᠴᠢᠷ ᠬᠣᠲᠠ ᠤᠷᠤᠭᠤ ᠪᠦᠭᠦᠳᠡ ᠪᠡᠷ ᠢᠶᠡᠨ ᠨᠡᠭᠦᠴᠢᠭᠡᠪᠡᠯ
ᠭᠠᠯ ᠢᠶᠠᠨ ᠬᠡᠨ ᠨᠢ ᠮᠠᠨᠠᠬᠤ ᠪᠠᠢᠢᠨ᠎ᠠ ᠳ᠋ᠠ ᠭᠡᠵᠦ ᠰᠠᠨᠠᠭ᠎ᠠ ᠵᠣᠪᠠᠬᠤ
ᠳᠡᠭᠡᠳᠦᠰ ᠦᠨ ᠠᠯᠲᠠᠨ ᠬᠡᠷᠡᠭᠰᠡᠭᠦᠷ  ᠬᠥᠮᠥᠨ ᠴᠢᠯᠠᠭᠤ
ᠳᠡᠷᠭᠡᠳᠡ ᠮᠢᠨᠢ ᠮᠠᠯ ᠤᠨ ᠪᠡᠯᠴᠢᠭᠡᠷ  ᠪᠠᠶ᠋ᠢᠬᠤ ‍ᠳᠤ
ᠡᠳᠡᠨ ᠢ ᠪᠡᠨ ᠣᠷᠬᠢᠭᠠᠳ ᠪᠢ ᠬᠠᠮᠢᠭ᠎ᠠ ᠣᠴᠢᠬᠤ ᠪᠣᠢ
ᠡᠯᠦᠨᠴᠡ ᠪᠡᠨ ᠬᠢᠵᠦ ᠲᠥᠪ ᠪᠠᠷᠠᠭᠠᠳᠠᠬᠤ ᠶᠤᠮ ᠪᠣᠢ ᠭᠡᠵᠦ ᠤᠴᠢᠷᠯᠠᠬᠤ
ᠶᠡᠬᠡ ᠳᠡᠯ ᠲᠠᠢ ᠮᠣᠷᠢᠳ ᠡᠮᠡᠭᠡᠯ ᠲᠠᠢ ᠪᠠᠨ ᠪᠠᠶ᠋ᠢᠬᠤ ‍ᠳᠤ
ᠡᠵᠡᠨ ᠴᠢᠩᠬᠢᠰ᠎ ᠤᠨ ᠭᠣᠯᠤᠮᠲᠠ ᠳᠦᠷᠡᠯᠵᠡᠩᠬᠡᠨ ᠪᠠᠶ᠋ᠢᠬᠤ ‍ᠳᠤ
ᠠᠭᠤᠯᠠᠰ ᠳᠡᠷᠡᠯᠡᠵᠦ ᠬᠣᠨᠢ ᠮᠠᠯ ᠨᠤᠤᠯᠤᠭᠰᠠᠨ ᠪᠣᠷᠤ ᠭᠡᠷ᠎  ᠲᠦ ᠎ᠪᠡᠨ
ᠤᠲᠤᠭ᠎ᠠ ᠦᠨᠦᠷᠯᠡᠵᠦ ᠶᠠᠪᠤᠭᠠᠳ ᠯᠠ ᠨᠠᠯᠠᠶ᠎ᠠ ᠳ᠋ᠠ ᠭᠡᠵᠦ ᠤᠴᠢᠷᠯᠠᠬᠤ
ᠴᠠᠰᠤᠨ ᠰᠢᠭᠤᠷᠭ᠎ᠠ ᠬᠡᠷᠦᠵᠦ ᠠᠭᠤᠯᠠᠰ ᠎ᠲᠠᠢ ᠎ᠪᠠᠨ ᠬᠠᠮᠲᠤ ᠳᠠᠭᠠᠷᠠᠭᠰᠠᠨ
ᠴᠠᠭ ᠤᠨ ᠰᠢᠭᠤᠷᠭ᠎ᠠ ᠰᠥᠷᠴᠦ ᠤᠯᠤᠰ ᠎ᠲᠠᠢ ᠎ᠪᠠᠨ ᠬᠠᠮᠲᠤ ᠵᠦᠳᠡᠷᠡᠭᠰᠡᠨ
ᠴᠢᠯᠠᠭᠤ ᠢᠷᠯᠡᠨ ᠬᠤᠷᠳᠤᠯᠠᠬᠤ ᠰᠠᠯᠬᠢᠨ ᠵᠢᠪᠡ ᠬᠥᠯᠥᠭ ᠢᠶᠡᠨ
ᠴᠤᠤ ᠎ᠲᠠᠢ ᠨᠠᠭᠠᠳᠤᠮ  ᠤᠨ ᠲᠩᠷᠢ ᠳᠣᠣᠷ᠎ᠠ ᠨᠠᠷᠠ ᠵᠥᠪ ᠭᠠᠷᠭᠠᠭᠰᠠᠨ
ᠡᠴᠢᠭᠡ ᠮᠢᠨᠢ ᠮᠠᠯᠴᠢᠨ᠂ ᠢᠵᠢᠢ ᠮᠢᠨᠢ ᠮᠠᠯᠴᠢᠨ
ᠢᠩᠬᠢᠭᠡᠳ ᠪᠢ ᠴᠢᠨᠢ ᠬᠠᠮᠢᠭ᠎ᠠ ᠤᠨᠠᠭᠰᠠᠨ ᠬᠡᠨ ᠤ ᠬᠡᠨ ᠪᠢᠯᠡ
ᠬᠠᠨ ᠣᠷᠴᠢᠯᠠᠩ᠎  ‍ᠳᠤ ᠵᠠᠷᠲᠠᠢ ᠨᠢᠭᠤᠴᠠ ᠲᠣᠪᠴᠢᠶᠠᠨ  ᠦ ᠮᠣᠷᠢᠳ᠎ ᠢ
ᠬᠠᠷ᠎ᠠ ᠲᠤᠭ ‍ᠤᠨ ᠳᠣᠣᠷ᠎ᠠ ᠰᠥᠷᠦᠭ ᠡᠴᠡ᠎ ᠪᠡᠨ ᠪᠠᠷᠢᠵᠤ ᠡᠮᠡᠭᠡᠯᠯᠡᠭᠰᠡᠨ
ᠠᠷᠪᠢᠨ ᠪᠤᠶᠠᠨᠲᠠᠢ ᠮᠠᠯ᠎ ᠢᠶᠡᠨ ᠪᠤᠷᠬᠠᠨ ᠡᠴᠡ ᠎ᠪᠠᠨ ᠢᠯᠡᠭᠦᠦ ᠲᠠᠬᠢᠬᠰᠠᠨ 
ᠠᠭᠤᠤ ᠶᠡᠬᠡ ᠎ᠪᠡᠨ ᠮᠡᠳᠡᠳᠡᠭ ᠎ᠦᠭᠡᠢ ᠠᠭᠤᠤ ᠶᠡᠬᠡ ᠤᠯᠤᠰ
ᠠᠯᠪᠠᠨ ᠤ ᠲᠠᠮᠠᠭ᠎ᠠ ᠎ᠲᠠᠢ ᠴᠠᠭᠠᠰᠤ᠎ ᠶ᠋ᠢ ᠣᠨᠢᠨ  ‍ᠳᠤ ᠎ᠪᠠᠨ ᠬᠠᠪᠴᠢᠭᠤᠯᠵᠤ ᠮᠠᠷᠲᠠᠪᠠᠴᠤ
ᠠᠳᠤᠭᠤᠨ ᠤ᠎ ᠪᠠᠨ ᠲᠠᠮᠠᠭ᠎ᠠ ᠶ᠋ᠢ ᠪᠣᠯᠬᠤ ᠎ᠪᠠᠷ ᠬᠠᠳᠠᠭ ᠲᠦ ᠣᠷᠢᠶᠠᠵᠤ ᠵᠠᠯᠠᠭᠰᠠᠨ
ᠴᠤᠤᠷᠢᠶ᠎ᠠ ᠬᠠᠳᠠᠨ ᠤ ᠰᠦᠭ ᠡᠴᠡ᠎ ᠴᠤ᠌ ᠪᠤᠭᠤᠷᠤᠯ ᠨᠠᠮᠲᠠᠷ ᠨᠢ ᠠᠷᠢᠯᠬᠤ ᠦᠭᠡᠢ
ᠴᠢᠯᠠᠭᠤᠨ ᠵᠡᠪᠰᠡᠭ ᠦᠨ ᠦᠶ᠎ᠡ ᠡᠴᠡ ᠬᠡᠳᠦᠬᠡᠨ ᠳᠡᠭᠦᠦ ᠮᠠᠯᠴᠢᠨ᠃


Малчин – Ц.Чимэддорж    

   Болор цом -1989 оны тэргүүн шүлэг

Нарны даллагатай газар дээр хэдэн малаа гэж

Намрын дунд сарын арван тавны тэнгэр ажигласан

Цаг цагийн үөрт төрхөө алдаж эвдрэлгүй

Цадиг туүх улбаапж өвгөдийнхөө нутагт эзэн суусан

Шигшиг дарсан тоонондоо утаа зуусан хадагтай

Ширмэл тойруулга дээрээ азын дөрвөн бэрхтэй

Давхиад буухад цоожгүй айл малчин таных

Даянд ганцхан цуургагүй сэтгэл малчин таных

Ботгоо голсон ингээ хөөслөн хамт уйлна

Бороо орохгүй болохоор овоогоо тайж даллана

θөнтөгч хорвоод гомдвол хуураа татаж тайтгарна

θөрөө өөртэйгөө ярьж орчлонгийн ээдрээг тайлна.

Хуруундаа бөгж чихэндээ ээмэг зүүг гэхээсээ

Хурц түргэн морьдоо цул мөнгөөр хазаарласан

Мэдэл сүр албан тушаал хөөцөлдөхийг

Мичин жилийн ааш зуднаас ч дорд бодсон

Ардынхаа дуу билгийг морин дэл дээр тогтооосон

Алтан гуутай зурганд нь түмний эх янцгаасан

Сур хар элдэхдээ ч бодлоо цуг элддэгийг

Сургуульд үзсэнээ мартсан ч өвгөдийнхөө үгийг мартаагүй

Хонь мал дэлэндэж хорвоог барах нь гэж гутардаггүй

Ховор бараа дагуулсан баярын бичгэнд хөөрдөггүй

Огт болохгүй юмыг ч болж л байна гэж боддог

Оройн дээд төрийнхөө сүр сүлдэнд залбирдаг

Малгайн утаа сэргээж нэрмэлд жаахан халахаараа

Мал буянаа яаж адуулан маллахыг

Марксизмаар заалгахгүй ээ гээд хэлчихдэг

Эцэгтээ чөдрийн морийг дөхүүлж тусад орсон

Эхээс төрөхийн малчин амьдралын хар ухаан

Хишиг өдөр тааруулан хонины бэлчээрт уулзаж

Хэв хадаг шиг тэнгэр дор дөрөө гөлөм харшуулж

Ижий аавын минь нутаг гэж нэг баярлаж

Ивээл жилтэй юм бид хоёр гэж нэг уярч

Гаруул унаган мориныхоо жолоог сул орхиж

Ганзага ширэлдтэл тэврэлдэн эмээл дээрээ түшилцсэн хайр

Нутгийнхаа чулуугаар тоглож өссөн эгэл заяа нийтгэж

Нутгийнхаа л чулуугаар тулгалсан гал болж ассан

Дүүрэн хишиг нь дэлгэрсэн малаан нэг бөөцийлөх

Дөрвөн хананы дундах биднийгээ нэг бөөцийлөх

Ганган хээнцэр хот руу бүгдээрээ нүүчихвэл

Галаа хэн нь манах байна даа гэж санаа зовох

Дээдсийн алтан хэрэгсүүр хүн чулуу

Дэргэд минь малын бэлчээрт байхад

Эднийгээ орхиод би хаачих юм бэ

Элэнцгээ хийж төв бараадах юм бэ? гэж уурлах

Их дэлтэй морьд эмээлтэйгээ байхад

Эзэн Чингэсийн голомт дүрэлзэнхэн байхад

Уулс дэрлэж хонь мал ноолсон бор гэртээ

Утаа үнэрлэж яваад л үхье дээ гэж учирлах

Цасан шуурга хэрж уулстайгаа хамт даарсан

Цагийн шуурга сөрж улстайгаа хамт зүдэрсэн

Чулуу ирлэн хурдлах салхин зэв хүлгээ

Цуутай наадмын тэнгэр дор нар зөв гаргасан

Зцэг минь малчин, ижий минь малчин

Ингэхэд би чинь хаана унасан хэний хэн билээ

Хан орчлонд зартай нууц товчооны морьдыг

Хар тугийн дор сүргээсээ барьж эмээллэсэн

Чулуу ирлэн хурдлах салхин зэв хүлгээ

Цуутай наадмын тэнгэр дор нар зєв гаргасан

Арвин буянтай малаа бурхнаасаа илүү тахисан

Аугаа ихээ мэддэггүй аугаа их улс

Албаны тамгатай цаасыг униндаа хавчуулж мартавч

Адууныхаа тамгыг болохоор хадганд ороож залсан

Цууриа хадны сүгнээс ч буурал намтар нь арилахгуй

Чулуун зэвсгийн үеэс хэдхэн дүү малчин.