ᠡᠪ ᠤᠨ ᠲᠦᠰᠢᠭ ᠲᠠᠢ ᠠᠨᠳᠠ ᠮᠢᠨᠢЭвийн түшигтэй анд минь _eviin tushigtei and mini ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠪ ᠤᠨ ᠲᠦᠰᠢᠭ ᠲᠠᠢ ᠠᠨᠳᠠ ᠮᠢᠨᠢЭвийн түшигтэй анд минь _eviin tushigtei and mini

ᠡᠪ ᠤᠨ ᠲᠦᠰᠢᠭ ᠲᠠᠢ ᠠᠨᠳᠠ ᠮᠢᠨᠢЭвийн түшигтэй анд минь _eviin tushigtei and mini

ᠠᠩᠭᠢᠯᠠᠯ:ᠳᠠᠭᠤᠤ ᠬᠥᠭᠵᠢᠮ
2023-01-13

321

ᠡᠪ ᠎ᠦ᠋ᠨ ᠲᠦᠰᠢᠭ ᠎ᠲᠡᠢ ᠠᠨᠳᠠ ᠮᠢᠨᠢ

   ᠦᠭᠡ ᠄   ᠴ ᠰᠠᠶ᠋ᠢᠨᠨᠢᠮᠪᠤ
   ᠠᠶ᠎ᠠ ᠄ ᠵ ᠵᠢᠷᠭᠠᠯᠰᠠᠢᠢᠬᠠᠨ
   ᠳᠠᠭᠤᠴᠢᠨ ᠄  ᠪᠤᠶᠠᠨ᠎ᠡ ᠂ ᠳᠦᠭᠦᠷᠡᠩᠵᠢᠷᠭᠠᠯ ᠂ ᠬᠠᠶ᠋ᠢᠷ᠎ᠠ ᠂ ᠰᠦᠨᠳᠠᠯᠠᠢ

ᠤᠷᠴᠢᠯᠠᠩ ᠎ᠳ᠋ᠦ᠍ ᠬᠠᠪᠤᠷ ᠢᠷᠡᠬᠦ ᠴᠠᠭ ᠲᠤ ᠨᠢ ᠬᠦ᠋
ᠣᠷᠭᠢᠯ ᠬᠠᠩᠭᠠᠢ ᠴᠡᠴᠡᠭᠯᠡᠨ᠎ᠡ ᠡ ᠨᠠᠶ᠋ᠢᠵᠠ ᠮᠢᠨᠢ
ᠬᠠᠩᠭᠠᠢ ᠳᠡᠯᠡᠬᠡᠢ ᠴᠡᠴᠡᠭᠯᠡᠬᠦ ᠎ᠶ᠋ᠢ ᠬᠠᠷᠠᠬᠤ ᠎ᠪᠠᠷ ‍ᠢᠶ᠋ᠠᠨ
ᠬᠠᠶ᠋ᠢᠷ᠎ᠠ ᠎ᠶ᠋ᠢᠨ ᠰᠡᠳᠬᠢᠯ ᠤᠶᠠᠷᠠᠨ᠎ᠠ ᠡ ᠠᠨᠳᠠ ᠮᠢᠨᠢ
ᠡᠵᠢ ᠎ᠶ᠋ᠢᠨ ᠬᠣᠶᠠᠷ ᠬᠦᠦ ᠰᠢᠭ᠌ ᠢᠵᠢᠯᠢᠳᠦᠭᠰᠡᠨ
ᠡᠪ ᠎ᠦ᠋ᠨ ᠲᠦᠰᠢᠭ ᠎ᠲᠡᠢ ᠠᠨᠳᠠ ᠮᠢᠨᠢ ᠳ᠋ᠠ ᠬᠦ᠋

ᠳᠡᠯᠡᠬᠡᠢ ᠎ᠳ᠋ᠦ᠍ ᠬᠠᠪᠤᠷ ᠢᠷᠡᠬᠦ ᠴᠠᠭ ᠲᠤ ᠨᠢ ᠬᠦ᠋
ᠳᠡᠯᠭᠡᠷ ᠬᠠᠩᠭᠠᠢ ᠴᠡᠴᠡᠭᠯᠡᠨ᠎ᠡ ᠡ ᠨᠠᠶ᠋ᠢᠵᠠ ᠮᠢᠨᠢ
ᠳᠡᠨᠵᠢ ᠎ᠶ᠋ᠢᠨ ᠴᠡᠴᠡᠭᠡᠰ ᠎ᠦ᠋ᠨ ᠭᠠᠩᠬᠤᠬᠤ ᠎ᠶ᠋ᠢ ᠬᠠᠷᠠᠬᠤ ᠎ᠪᠠᠷ ‍ᠢᠶ᠋ᠡᠨ
ᠳᠡᠪᠡᠷᠡᠭᠦᠨ ᠰᠡᠳᠬᠢᠯ ᠮᠢᠨᠢ ᠪᠡᠶᠡᠰᠦᠨ᠎ᠡ ᠡ ᠠᠨᠳᠠ ᠮᠢᠨᠢ ᠳ᠋ᠠ ᠬᠦ᠋
ᠡᠵᠢ ᠶ᠋ᠢᠨ ᠬᠣᠶᠠᠷ ᠬᠦᠦ ᠰᠢᠭ᠌ ᠢᠵᠢᠯᠢᠲᠦᠭᠰᠡᠨ
ᠡᠪ ᠎ᠦ᠋ᠨ ᠲᠦᠰᠢᠭ ᠎ᠲᠡᠢ ᠠᠨᠳᠠ ᠮᠢᠨᠢ ᠬᠦ᠋

ᠬᠣᠷᠸ᠋᠎ᠠ ᠎ᠳ᠋ᠤ᠌ ᠬᠠᠪᠤᠷ ᠢᠷᠡᠬᠦ ᠴᠠᠭ ᠎ᠲᠤ᠌ ᠨᠢ ᠬᠦ᠋
ᠬᠥᠪᠴᠢ ᠎ᠶ᠋ᠢᠨ ᠬᠠᠩᠭᠠᠢ ᠴᠡᠴᠡᠭᠯᠡᠨ᠎ᠡ ᠡ ᠨᠠᠶ᠋ᠢᠵᠠ ᠮᠢᠨᠢ
ᠬᠣᠣᠰᠯᠠᠨ ᠠᠯᠠᠭᠯᠠᠬᠤ ᠴᠡᠴᠡᠭᠡᠰ ‍ᠢ ᠬᠠᠷᠠᠬᠤ ᠎ᠪᠠᠷ ‍ᠢᠶ᠋ᠡᠨ
ᠬᠠᠶ᠋ᠢᠷᠠᠯᠠᠨ ᠮᠡᠯᠮᠡᠷᠡᠵᠦ ᠵᠠᠯᠠᠭᠤᠵᠢᠨ᠎ᠠ ᠡ ᠠᠨᠳᠠ ᠮᠢᠨᠢ
ᠡᠵᠢ ᠶ᠋ᠢᠨ ᠬᠣᠶᠠᠷ ᠬᠦᠦ ᠰᠢᠭ᠌ ᠢᠵᠢᠯᠢᠳᠦᠭᠰᠡᠨ
ᠡᠪ ᠎ᠦ᠋ᠨ ᠲᠦᠰᠢᠭ ᠎ᠲᠡᠢ ᠠᠨᠳᠠ ᠮᠢᠨᠢ ᠬᠦ᠋
ᠡᠵᠢ ᠶ᠋ᠢᠨ ᠬᠣᠶᠠᠷ ᠬᠦᠦ ᠰᠢᠭ᠌ ᠢᠵᠢᠯᠢᠳᠦᠭᠰᠡᠨ
ᠡᠪ ᠎ᠦ᠋ᠨ ᠲᠦᠰᠢᠭ ᠎ᠲᠡᠢ ᠠᠨᠳᠠ ᠮᠢᠨᠢ ᠳ᠋ᠠ ᠬᠦ᠋
ᠡᠪ ᠎ᠦ᠋ᠨ ᠲᠦᠰᠢᠭ ᠎ᠲᠡᠢ ᠠᠨᠳᠠ ᠮᠢᠨᠢ ᠳ᠋ᠠ ᠬᠦ᠋