ᠬᠠᠯᠠᠭᠤᠨ ᠡᠯᠢᠭᠡᠨ ᠨᠤᠲᠤᠭХалуун элгэн нутаг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠯᠠᠭᠤᠨ ᠡᠯᠢᠭᠡᠨ ᠨᠤᠲᠤᠭХалуун элгэн нутаг

ᠬᠠᠯᠠᠭᠤᠨ ᠡᠯᠢᠭᠡᠨ ᠨᠤᠲᠤᠭХалуун элгэн нутаг

ᠠᠩᠭᠢᠯᠠᠯ:ᠳᠠᠭᠤᠤ ᠬᠥᠭᠵᠢᠮ
2023-01-07

1034

ᠬᠠᠯᠠᠭᠤᠨ ᠡᠯᠢᠭᠡᠨ ᠨᠤᠲᠤᠭ

     ᠦᠭᠡ ᠄ ᠵ ᠪᠠᠳᠠᠷ᠎ᠠ
     ᠠᠶ᠎ᠠ ᠄ ᠼ ᠨᠠᠮᠰᠠᠷᠠᠶ᠋ᠢᠵᠠᠪ

ᠡᠯᠢᠭᠡ ᠵᠢᠷᠦᠬᠡ ᠎ᠡᠴᠡ ᠤᠶᠠᠭᠠᠲᠠᠢ ᠡᠩᠬᠦᠷᠡᠢ ᠮᠣᠩᠭᠣᠯ ᠨᠤᠲᠤᠭ ᠮᠢᠨᠢ
ᠡᠴᠢᠭᠡ ᠡᠬᠡ ᠎ᠡᠴᠡ ᠵᠠᠶᠠᠭᠠᠲᠠᠢ ᠡᠷᠳᠡᠨᠢ ‍ᠶ᠋ᠢᠨ ᠠᠯᠲᠠᠨ ᠥᠯᠥᠭᠡᠢ ᠮᠢᠨᠢ

ᠴᠡᠴᠡᠭ ‍ᠦᠨ ᠰᠢᠮ᠎ᠡ ‍ᠶ᠋ᠢ ᠲᠡᠳᠭᠦᠭᠰᠡᠨ ᠴᠡᠩᠭᠡᠯ ‍ᠦᠨ ᠬᠠᠪᠤᠷ ᠠᠶ᠋ᠢᠯᠴᠢᠯᠠᠬᠤ ᠎ᠪᠠᠷ
ᠮᠥᠷᠡᠨ ᠭᠣᠣᠯ ᠨᠢ ᠳᠠᠭᠤᠤ ᠎ᠪᠠᠨ ᠳᠠᠭᠤᠯᠠᠵᠤ ᠮᠥᠩᠬᠡ ᠰᠠᠷᠢᠳᠠᠭ ᠨᠢ ᠮᠢᠰᠢᠶᠡᠨ᠎ᠡ

ᠰᠡᠷᠢᠭᠦᠨ ᠰᠠᠯᠬᠢ ‍ᠶ᠋ᠢ ᠰᠡᠪᠰᠢᠭᠦᠯᠦᠭᠰᠡᠨ ᠬᠠᠴᠠᠷ ᠨᠢᠭᠤᠷ ‍ᠢ ᠭᠢᠯᠪᠠᠨ ᠪᠠᠶ᠋ᠢᠵᠤ
ᠰᠡᠳᠬᠢᠯ ᠳᠣᠲᠣᠷ᠎ᠠ ‍ᠶ᠋ᠢ ᠠᠷᠢᠭᠤᠰᠬᠠᠬᠤ ᠬᠠᠯᠠᠭᠤᠨ ᠡᠯᠢᠭᠡᠨ ᠨᠤᠲᠤᠭ ᠮᠢᠨᠢ
ᠰᠡᠳᠬᠢᠯ ᠳᠣᠲᠣᠷ᠎ᠠ ‍ᠶ᠋ᠢ ᠠᠷᠢᠭᠤᠰᠬᠠᠬᠤ ᠬᠠᠯᠠᠭᠤᠨ ᠡᠯᠢᠭᠡᠨ ᠨᠤᠲᠤᠭ ᠮᠢᠨᠢ

ᠡᠯᠢᠭᠡ ᠵᠢᠷᠦᠬᠡ ᠎ᠡᠴᠡ ᠤᠶᠠᠭᠠᠲᠠᠢ ᠡᠩᠬᠦᠷᠡᠢ ᠮᠣᠩᠭᠣᠯ ᠨᠤᠲᠤᠭ ᠮᠢᠨᠢ
ᠡᠴᠢᠭᠡ ᠡᠬᠡ ᠎ᠡᠴᠡ ᠵᠠᠶᠠᠭᠠᠲᠠᠢ ᠡᠷᠳᠡᠨᠢ ‍ᠶ᠋ᠢᠨ ᠠᠯᠲᠠᠨ ᠥᠯᠥᠭᠡᠢ ᠮᠢᠨᠢ
ᠡᠴᠢᠭᠡ ᠡᠬᠡ ᠎ᠡᠴᠡ ᠵᠠᠶᠠᠭᠠᠲᠠᠢ ᠡᠷᠳᠡᠨᠢ ‍ᠶ᠋ᠢᠨ ᠠᠯᠲᠠᠨ ᠥᠯᠥᠭᠡᠢ ᠮᠢᠨᠢ
ᠡᠴᠢᠭᠡ ᠡᠬᠡ ᠎ᠡᠴᠡ ᠵᠠᠶᠠᠭᠠᠲᠠᠢ ᠡᠷᠳᠡᠨᠢ ‍ᠶ᠋ᠢᠨ ᠠᠯᠲᠠᠨ ᠥᠯᠥᠭᠡᠢ ᠮᠢᠨᠢ
ᠬᠠᠯᠠᠭᠤᠨ ᠡᠯᠢᠭᠡᠨ ᠨᠤᠲᠤᠭ ᠮᠢᠨᠢ