ᠠᠯᠲᠠᠨ ᠵᠤᠯᠠ - ᠬᠠᠷᠰᠢ ᠬᠠᠮᠲᠤᠯᠢᠭАлтан зул - Харш хамтлаг
ᠠᠯᠲᠠᠨ ᠵᠤᠯᠠ
ᠦᠭᠡ ᠄ ᠱ ·ᠳᠤᠯᠮ᠎ᠠ
ᠠᠶ᠎ᠠ ᠄ ᠪᠣᠯᠤᠭᠤᠵᠠᠢ
ᠳᠠᠭᠤᠴᠢᠨ᠄ ᠬᠠᠷᠰᠢ ᠬᠠᠮᠲᠤᠯᠢᠭ
ᠨᠠᠪᠴᠢᠨ ᠳ᠋ᠤ᠌ ᠲᠣᠨᠣᠭᠰᠠᠨ ᠰᠢᠭᠦᠳᠡᠷᠢ ᠪᠡᠷ
ᠭᠠᠩᠭᠠᠩ ᠴᠡᠴᠡᠭ ᠨᠢ ᠳᠡᠯᠭᠡᠷᠡᠳᠡᠭ
ᠨᠠᠷᠠᠨ ᠤ᠋ ᠲᠠᠩᠰᠤᠭ ᠭᠡᠷᠡᠯ ᠢ᠋ᠶ᠋ᠡᠷ
ᠭᠠᠯᠪᠢᠷᠬᠠᠨ ᠪᠡᠶ᠎ᠡ ᠨᠢ ᠲᠥᠯᠵᠢᠳᠡᠭ
ᠭᠠᠵᠠᠷ ᠡᠬᠡ ᠡᠴᠡ ᠵᠠᠶᠠᠭᠠᠲᠠᠢ
ᠭᠠᠩᠭᠠᠩ ᠴᠡᠴᠡᠭ ᠦ᠋ᠨ ᠳᠡᠯᠪᠢ ᠶ᠋ᠢ
ᠬᠥᠮᠦᠨ ᠲᠠ ᠥᠪᠡᠷ ᠢ᠋ᠶ᠋ᠡᠨ
ᠬᠥᠨᠳᠡᠵᠦ ᠪᠢᠲᠡᠭᠡᠢ ᠲᠠᠰᠤᠯᠤᠭᠠᠷᠠᠢ
ᠰᠠᠷᠠᠨ ᠤ᠋ ᠮᠥᠩᠭᠥᠨ ᠲᠤᠶᠠᠭᠠᠨ ᠳ᠋ᠤ᠌
ᠰᠠᠢᠬᠠᠨ ᠳᠡᠯᠪᠢ ᠨᠢ ᠭᠢᠯᠠᠯᠵᠠᠳᠠᠭ
ᠰᠠᠯᠬᠢᠨ ᠤ᠋ ᠤᠷᠢᠬᠠᠨ ᠢᠯᠪᠢᠭᠡᠡ ᠳ᠋ᠦ᠍
ᠰᠠᠯᠠᠭᠠᠬᠠᠨ ᠡᠰᠢ ᠨᠢ ᠲᠤᠶᠠᠯᠵᠠᠳᠠᠭ
ᠭᠠᠵᠠᠷ ᠡᠬᠡ ᠡᠴᠡ ᠵᠠᠶᠠᠭᠠᠲᠠᠢ
ᠭᠠᠩᠭᠠᠩ ᠴᠡᠴᠡᠭ ᠦ᠋ᠨ ᠳᠡᠯᠪᠢ ᠶ᠋ᠢ
ᠬᠥᠮᠦᠨ ᠲᠠ ᠥᠪᠡᠷ ᠢ᠋ᠶ᠋ᠡᠨ
ᠬᠥᠨᠳᠡᠵᠦ ᠪᠢᠲᠡᠭᠡᠢ ᠲᠠᠰᠤᠯᠤᠭᠠᠷᠠᠢ
ᠪᠡᠶ᠎ᠡ ᠪᠡᠶ᠎ᠡ ᠪᠡᠨ ᠲᠦᠰᠢᠭᠡᠳ
ᠣᠷᠴᠢᠯᠠᠩ ᠳ᠋ᠤ᠌ ᠬᠠᠨᠢᠰᠠᠨ ᠤᠷᠭᠤᠭᠰᠠᠨ
ᠪᠠᠯ ᠪᠠᠯ ᠢ᠋ᠶ᠋ᠠᠨ ᠳᠡᠷᠡᠯᠡᠭᠡᠳ
ᠣᠩᠭᠣᠨ ᠲᠠᠯ᠎ᠠ ᠳ᠋ᠤ᠌ ᠪᠠᠨ ᠰᠣᠶᠣᠭᠠᠯᠠᠭᠰᠠᠨ
ᠭᠠᠵᠠᠷ ᠡᠬᠡ ᠡᠴᠡ ᠵᠠᠶᠠᠭᠠᠲᠠᠢ
ᠭᠠᠩᠭᠠᠩ ᠴᠡᠴᠡᠭ ᠦ᠋ᠨ ᠳᠡᠯᠪᠢ ᠶ᠋ᠢ
ᠬᠥᠮᠦᠨ ᠲᠠ ᠥᠪᠡᠷ ᠢ᠋ᠶ᠋ᠡᠨ
ᠬᠥᠨᠳᠡᠵᠦ ᠪᠢᠲᠡᠭᠡᠢ ᠲᠠᠰᠤᠯᠤᠭᠠᠷᠠᠢ
ᠳᠠᠬᠢᠯᠲᠠ
