ᠠᠪᠤ ᠡᠵᠢ ᠬᠣᠶᠠᠷ ᠮᠢᠨᠢ- ᠤ ᠳᠠᠯᠠᠨᠲᠠᠢ ᠂ ᠤ ᠰᠠᠨᠰᠠᠷАав ээж хоёр минь-у далантай , у сансар
ᠠᠪᠤ ᠡᠵᠢ ᠬᠣᠶᠠᠷ ᠮᠢᠨᠢ
ᠦᠭᠡ ᠄ ᠶ · ᠦᠯᠵᠡᠶ᠋ᠢᠲᠡᠯᠭᠡᠷ
ᠠᠶ᠎ᠠ ᠄ ᠳ · ᠴᠡᠸᠠᠩᠷᠠᠪᠲᠡᠨ
— ᠤ · ᠳᠠᠯᠠᠨᠲᠠᠢ ᠂ ᠤ
· ᠰᠠᠨᠰᠠᠷ ᠳᠠᠭᠤᠯᠠᠨ᠎ᠠ
ᠪᠣᠲᠣᠯ ᠤᠨ ᠲᠩᠷᠢ ᠪᠠᠭᠠᠨᠠᠲᠠᠵᠤ
ᠨᠤᠲᠤᠭ ᠤᠨ ᠠᠭᠤᠯᠠᠰ ᠰᠦᠨᠲᠡᠷᠯᠡᠨᠡ
ᠨᠢᠯᠪᠤᠰᠤ ᠪᠠᠨ ᠨᠢᠭᠤᠭᠠᠳ ᠦᠳᠡᠭᠰᠡᠨ
ᠪᠤᠭᠤᠷᠤᠯ ᠠᠪᠤ ᠮᠢᠨᠢ ᠰᠠᠨᠠᠭᠲᠠᠨ᠎ᠠ
ᠠᠨᠢᠰᠬ᠎ᠠ ᠨᠢᠲᠦ ᠨᠢ ᠠᠲᠤᠷᠢᠶ᠎ᠠ
ᠰᠠᠭᠤᠲᠠᠯ᠎ᠠ
ᠠᠪᠤ ᠮᠢᠨᠢ ᠬᠦᠦ ᠪᠡᠨ ᠬᠦᠯᠢᠶᠡᠭᠡ ᠳ᠋ᠡ
ᠠᠨᠢᠰᠬ᠎ᠠ ᠨᠢᠲᠦ ᠨᠢ ᠠᠲᠤᠷᠢᠶ᠎ᠠ
ᠰᠠᠭᠤᠲᠠᠯ᠎ᠠ
ᠠᠪᠤ ᠮᠢᠨᠢ ᠬᠦᠦ ᠪᠡᠨ ᠬᠦᠯᠢᠶᠡᠭᠡ ᠳ᠋ᠡ
᠂
ᠰᠡᠤᠠᠬᠢᠯ ᠦᠨ ᠨᠠᠭᠤᠷ ᠴᠠᠯᠭᠢᠵᠤ
ᠢᠲᠡᠷ ᠦᠨ ᠭᠣᠣᠯ ᠮᠢᠨᠢ ᠱᠤᠤᠭᠢᠨ᠎ᠠ
ᠰᠦ᠋ ᠪᠡᠨ ᠰᠠᠴᠤᠯᠠᠨ ᠦᠳᠡᠭᠰᠡᠨ
ᠡᠵᠢ ᠪᠤᠷᠬᠠᠨ ᠮᠢᠨᠢ ᠰᠠᠨᠠᠭᠲᠠᠨ᠎ᠠ
ᠰᠠᠨᠴᠢᠬ ᠦᠰᠦᠨ ᠳ᠋ᠡᠭᠡᠨ ᠬᠢᠷᠠᠭᠤ ᠤᠨᠠᠲᠠᠯ᠎ᠠ
ᠰᠠᠨᠠᠵᠤ ᠡᠵᠢ ᠮᠢᠨᠢ ᠬᠦᠯᠢᠶᠡᠭᠡ ᠳ᠋ᠡ
ᠰᠠᠨᠴᠢᠬ ᠦᠰᠦᠨ ᠳ᠋ᠡᠭᠡᠨ ᠬᠢᠷᠠᠭᠤ
ᠤᠨᠠᠲᠠᠯ᠎ᠠ
ᠰᠠᠨᠠᠵᠤ ᠡᠵᠢ ᠮᠢᠨᠢ ᠬᠦᠯᠢᠶᠡᠭᠡ ᠳ᠋ᠡ
᠂
ᠠᠯᠤᠰᠬᠠᠨ ᠶᠠᠪᠤᠬ᠋᠎ᠠ ᠪᠣᠲᠣᠯ ᠠ᠋ᠴᠠ
ᠠᠪᠤ ᠡᠵᠢ ᠮᠢᠨᠢ ᠵᠡᠭᠦᠭᠳᠡᠨᠡ
ᠪᠤᠭᠤ ᠪᠠᠨ ᠤᠷᠤᠮᠲᠠᠭᠤᠯᠵᠤ ᠦᠯᠡᠳᠡᠭᠰᠡᠨ
ᠪᠤᠷᠬᠠᠨ ᠨᠤᠲᠤᠭ ᠮᠢᠨᠢ ᠰᠠᠨᠠᠭᠲᠠᠨ᠎ᠠ
ᠨᠠᠪᠴᠢᠰ ᠲᠣᠣᠷᠯᠠᠵᠤ ᠨᠠᠮᠤᠷ ᠢᠶ᠋ᠠᠨ
ᠰᠣᠩᠭᠣᠭᠠᠳ
ᠨᠤᠲᠤᠭ ᠮᠢᠨᠢ ᠨᠠᠮ᠎ᠠ ᠶ᠋ᠢ ᠪᠡᠨ
ᠬᠦᠯᠢᠶᠡᠭᠡ ᠳ᠋ᠡ
ᠨᠠᠪᠴᠢᠰ ᠲᠣᠣᠷᠯᠠᠵᠤ ᠨᠠᠮᠤᠷ ᠢᠶ᠋ᠠᠨ
ᠰᠣᠩᠭᠣᠭᠠᠳ
ᠨᠤᠲᠤᠭ ᠮᠢᠨᠢ ᠨᠠᠮ᠎ᠠ ᠶ᠋ᠢ ᠪᠡᠨ
ᠬᠦᠯᠢᠶᠡᠭᠡ ᠳ᠋ᠡ
ᠨᠤᠲᠤᠭ ᠮᠢᠨᠢ ᠨᠠᠮ᠎ᠠ ᠶ᠋ᠢ ᠪᠡᠨ
ᠬᠦᠯᠢᠶᠡᠭᠡ ᠳ᠋ᠡ
