ᠲᠣᠯᠢᠨ ᠬᠤᠯᠠ- ᠬᠠᠷᠠᠩᠭ᠎ᠠ ᠬᠠᠮᠲᠤᠯᠢᠭТолин хул-харанга хамтлаг
ᠲᠣᠯᠢᠨ ᠬᠤᠯᠠ
ᠦᠭᠡ ᠄ ᠬ ·ᠪᠠᠳᠤᠬᠦᠤ
ᠠᠶ᠎ᠠ ᠄ ᠴ · ᠴᠢᠯᠠᠭᠤᠨᠪᠠᠲᠤ
ᠬᠠᠷᠠᠩᠭ᠎ᠠ ᠬᠠᠮᠲᠤᠷᠯᠢᠬ
ᠭᠠᠵᠠᠷ ᠦᠨᠦᠷᠯᠡᠨ ᠣᠮᠣᠭᠰᠢᠬᠤ ᠳᠤ ᠲᠤᠯᠤᠭᠠᠳ ᠬᠣᠲᠣᠶ᠋ᠢᠨᠠ
ᠬᠠᠵᠠᠭᠠᠷ ᠳᠠᠷᠤᠨ ᠲᠡᠮᠡᠦᠯᠬᠦ ᠳᠦ ᠳᠡᠯᠡᠬᠡᠢ ᠠᠲᠤᠷᠢᠨᠠ
ᠵᠢᠷᠤᠬᠠᠢ ᠡᠷᠭᠢᠵᠦ ᠭᠠᠷᠬᠤ ᠳᠤ ᠨᠠᠷᠠᠨ ᠰᠤᠭᠤᠷᠠᠨ᠎ᠠ
ᠵᠤᠨ ᠢ ᠡᠯᠳᠡᠵᠦ ᠬᠤᠷᠳᠤᠯᠠᠬᠤ ᠳᠤ ᠳᠡᠪᠡᠯ ᠰᠡᠮᠡᠷᠡᠨ᠎ᠡ ᠁
ᠲᠣᠯᠢᠨ ᠬᠤᠯᠠ ᠶ᠋ᠢᠨ ᠲᠣᠭᠣᠰᠣᠨ ᠳᠤ ᠬᠡᠶ᠋ᠢᠮᠣᠷᠢ ᠵᠦᠭ ᠦᠭᠡᠢ ᠨᠠᠭᠠᠳᠤᠮ
ᠲᠣᠷᠭᠠᠨ ᠵᠤᠯᠠ ᠪᠠᠨ ᠡᠷᠭᠦᠬᠦ ᠳᠦ ᠨᠢᠯᠪᠤᠰᠤ ᠲᠣᠭᠲᠠᠬᠤ ᠦᠭᠡᠢ ᠨᠠᠭᠠᠳᠤᠮ
ᠲᠣᠯᠢᠨ ᠬᠤᠯᠠ ᠶ᠋ᠢᠨ ᠲᠦᠪᠡᠷᠭᠡᠨ ᠳᠦ ᠲᠤᠭ ᠢᠶ᠋ᠠᠨ ᠡᠷᠭᠦᠭᠰᠡᠨ ᠮᠣᠩᠭᠣᠯ ᠂
ᠠᠮᠠᠭᠠᠢ ᠬᠠᠵᠠᠨ ᠲᠦᠮᠡ ᠦᠤᠷᠰᠡᠬᠦ ᠳᠦ ᠤᠶᠠᠭ᠎ᠠ ᠰᠡᠷᠭᠦᠨ᠎ᠡ
ᠠᠷᠠᠢ ᠶᠠᠲᠠᠮᠠ ᠲᠣᠭᠲᠠᠭᠠᠬᠤ ᠳᠤ ᠴᠤᠯᠪᠤᠭᠤᠷ ᠡᠷᠴᠢᠯᠡᠨ᠎ᠡ
ᠠᠶ᠋ᠢᠮᠠᠭ ᠤᠨ ᠭᠠᠯ ᠢ ᠲᠣᠭᠣᠷᠢᠬᠤ ᠳᠤ ᠬᠠᠷᠠᠭ᠎ᠠ ᠪᠤᠯᠢᠶᠠᠨ᠎ᠠ
ᠠᠶ᠎ᠠ ᠳᠠᠭᠤᠤ ᠤᠷᠲᠤ ᠳᠤ ᠰᠣᠶ᠋ᠢᠬᠤ ᠳᠤ ᠰᠠᠯᠬᠢ ᠠᠮᠠᠷᠠᠨ᠎ᠠ ᠁
ᠲᠣᠭᠣᠷᠤᠤ ᠬᠠᠯᠲᠠᠷ ᠤᠨ ᠮᠠᠭᠲᠠᠭᠠᠯ ᠳᠤ ᠠᠶ᠋ᠢᠷᠠᠭ ᠳᠤᠨᠳᠠᠷᠠᠬᠤ ᠨᠠᠭᠠᠳᠤᠮ
ᠲᠣᠪᠣᠷᠤᠤ ᠮᠥᠩᠭᠥᠨ ᠡᠮᠡᠭᠡᠯ ᠳᠤ ᠪᠠᠨ ᠡᠵᠡᠨ ᠨᠢ ᠭᠣᠶᠣᠳᠠᠭᠰᠠᠨ ᠨᠠᠭᠠᠳᠤᠮ
ᠲᠣᠭᠣᠷᠤᠤ ᠬᠠᠯᠲᠠᠷ ᠤᠨ ᠰᠠᠯᠬᠢᠨ ᠳᠤ ᠲᠤᠭ ᠨᠢ ᠨᠠᠮᠢᠷᠠᠭᠰᠠᠨ ᠮᠣᠩᠭᠣᠯ
ᠠᠷᠪᠠᠢ ᠶ᠋ᠢᠨ ᠳᠣᠮᠣᠭ ᠰᠡᠳᠡᠷᠡᠬᠦ ᠳᠦ ᠡᠪᠦᠭᠡᠳ ᠬᠠᠭᠤᠴᠢᠯᠠᠨ᠎ᠠ
ᠠᠵᠠ ᠲᠠᠢ ᠬᠢᠩᠭᠤ ᠴᠠᠩᠬᠢᠨᠠᠬᠤ ᠳᠤ ᠠᠰᠠᠷ ᠡᠵᠡᠭᠦᠶ᠋ᠢᠳᠡᠨᠡ
ᠦᠷᠢᠶ᠎ᠡ ᠮᠣᠷᠢᠳ ᠤᠨ ᠳᠠᠪᠬᠢᠭᠠᠨ ᠳᠤ ᠲᠠᠭᠠᠭᠤᠯᠢ ᠣᠯᠠᠰᠢᠷᠠᠨ᠎ᠠ
ᠲᠦᠷᠦᠭᠦᠦ ᠮᠠᠩᠨᠠᠢ ᠳᠤ ᠢᠷᠡᠬᠦ ᠳᠦ ᠨᠢ ᠬᠠᠳᠠᠭ ᠬᠣᠪᠣᠷᠳᠠᠨᠠ ᠁
ᠠᠪᠤᠷᠭᠤ ᠬᠡᠭᠡᠷ ᠦᠨ ᠬᠥᠯᠥᠰᠥᠨ ᠳᠦ ᠳᠡᠨᠵᠢ ᠮᠢᠯᠢᠶᠠᠭᠰᠠᠨ ᠨᠠᠭᠠᠳᠤᠮ
ᠠᠷᠤ ᠬᠠᠯᠬ᠎ᠠ ᠶ᠋ᠢᠨ ᠡᠩᠭᠡᠷ ᠲᠤ᠌ ᠪᠠᠨ ᠲᠣᠷᠭ᠎ᠠ ᠪᠠᠷ ᠣᠷᠣᠯᠳᠣᠭᠰᠠᠨ ᠨᠠᠭᠠᠳᠤᠮ
ᠠᠪᠤᠷᠭᠤ ᠬᠡᠭᠡᠷ ᠦᠨ ᠲᠦᠪᠡᠷᠭᠡᠨ ᠳᠦ ᠠᠶᠠᠯᠭᠤ ᠡᠷᠭᠦᠭᠰᠡᠨ ᠮᠣᠩᠭᠣᠯ
ᠲᠣᠯᠢᠨ ᠬᠤᠯᠠ ᠶ᠋ᠢᠨ ᠲᠣᠭᠣᠰᠣᠨ ᠳᠤ ᠬᠡᠶ᠋ᠢᠮᠣᠷᠢ ᠵᠦᠭ ᠦᠭᠡᠢ ᠨᠠᠭᠠᠳᠤᠮ
ᠲᠣᠷᠭᠠᠨ ᠵᠤᠯᠠ ᠪᠠᠨ ᠡᠷᠭᠦᠬᠦ ᠳᠦ ᠨᠢᠯᠪᠤᠰᠤ ᠲᠣᠭᠲᠠᠬᠤ ᠦᠭᠡᠢ ᠨᠠᠭᠠᠳᠤᠮ
ᠲᠣᠯᠢᠨ ᠬᠤᠯᠠ ᠶ᠋ᠢᠨ ᠲᠦᠪᠡᠷᠭᠡᠨ ᠳᠦ ᠲᠤᠭ ᠨᠢ ᠨᠠᠮᠢᠷᠠᠭᠰᠠᠨ ᠮᠣᠩᠭᠣᠯ
