ᠨᠤᠲᠤᠭ ᠤᠨ ᠵᠡᠷᠭᠡᠯᠭᠡ- ᠠ ᠮᠥᠩᠬᠡᠪᠠᠲᠤНутгийн зэрэглээ-а мөнхбат
ᠨᠤᠲᠤᠭ ᠤᠨ ᠵᠡᠷᠭᠡᠯᠭᠡ
ᠦᠭᠡ ᠄ ᠱ ᠷᠡᠤᠠᠨᠠ
ᠠᠶ᠎ᠠ ᠄ ᠶ ᠠᠶᠤᠷᠵᠠᠨ᠎ᠠ
ᠲᠠᠭᠤᠴᠢᠨ ᠄ ᠠ ᠮᠥᠩᠬᠡᠪᠠᠲᠤ
ᠨᠤᠲᠤᠭ ᠤᠨ ᠪᠤᠭᠤᠷᠤᠯ
ᠲᠤᠯᠤᠭᠠᠳ ᠤᠨ ᠵᠡᠷᠭᠡᠯᠭᠡ
ᠨᠤᠭᠤᠷᠠᠨ ᠬᠡᠭᠡᠯᠡᠬᠦ
ᠤᠶᠠᠩᠬ᠋᠎ᠠ ᠶ᠋ᠢᠨ ᠵᠢᠷᠤᠭ ᠲᠠᠢ
ᠬᠤᠷᠲᠤᠨ ᠬᠡᠭᠡᠷ ᠦᠨ
ᠲᠤᠭᠤᠷᠠᠢ ᠶ᠋ᠢᠨ ᠲᠣᠣᠷ᠎ᠠ ᠠ᠋ᠴᠠ
ᠬᠤᠶ᠋ᠢᠯᠠᠷᠠᠬᠤ ᠲᠣᠭᠣᠰᠣ
ᠨᠢ ᠤᠭᠠᠯᠵᠠᠨ ᠴᠢᠮᠡᠭ᠌ ᠲᠡᠢ ᠂
ᠵᠡᠭᠡᠷ᠎ᠡ ᠢᠷᠠᠯᠵᠠᠭᠰᠠᠨ
ᠰᠢᠷᠭᠠᠯ ᠭᠣᠪᠢ ᠨᠤᠭᠤᠳ ᠮᠢᠨᠢ
ᠥᠭᠡᠲᠡᠯᠡᠨ ᠮᠠᠨᠲᠤᠬᠤ
ᠰᠦ᠋ ᠲᠣᠰᠣ ᠲᠠᠢ
ᠲᠥᠮᠤᠩ ᠬᠡᠭᠡᠷ ᠦᠨ
ᠭᠠᠯ ᠲᠠᠢ ᠴᠣᠭᠬᠢᠶᠠ ᠨᠢ
ᠡᠲᠦᠷᠵᠢ ᠶ᠋ᠢᠨ ᠭᠠᠵᠠᠷ
ᠠ᠋ᠴᠠ ᠴᠤᠴᠠᠬᠤ ᠦᠭᠡᠢ ᠨᠢ ᠭᠠᠶ᠋ᠢᠬᠠᠯᠲᠠᠢ
ᠲᠥᠮᠤᠩ ᠬᠡᠭᠡᠷ ᠦᠨ
ᠭᠠᠯ ᠲᠠᠢ ᠴᠣᠭᠬᠢᠶᠠ ᠨᠢ
ᠡᠲᠦᠷᠵᠢ ᠶ᠋ᠢᠨ ᠭᠠᠵᠠᠷ
ᠠ᠋ᠴᠠ ᠴᠤᠴᠠᠬᠤ ᠦᠭᠡᠢ ᠨᠢ ᠭᠠᠶ᠋ᠢᠬᠠᠯᠲᠠᠢ ᠂
ᠰᠢᠷᠣᠶ᠋ᠢᠲᠤ ᠶ᠋ᠢᠨ
ᠭᠤᠷᠪᠠᠨ ᠨᠠᠭᠤᠷ ᠤᠨ ᠲᠤᠮᠲᠠ ᠨᠢ
ᠰᠢᠪᠠᠭᠤᠳ ᠨᠢ
ᠴᠢᠭᠤᠯᠤᠭᠠᠳ ᠭᠠᠩᠭᠠᠨᠠᠵᠤ ᠪᠠᠶ᠋ᠢᠨ᠎ᠠ
ᠲᠠᠭᠠᠨ᠎ᠠ ᠶ᠋ᠢᠨ
ᠪᠤᠭᠤᠷᠤᠯ ᠴᠡᠴᠡᠭᠡᠰ ᠨᠢ ᠨᠠᠶ᠋ᠢᠭᠤᠭᠠᠳ
ᠲᠠᠯ᠎ᠠ ᠨᠤᠲᠤᠭ ᠤᠨ
ᠮᠢᠨᠢ ᠠᠭᠠᠷ ᠨᠢ ᠠᠷᠢᠭᠤᠬᠠᠨ
ᠲᠠᠭᠠᠨ᠎ᠠ ᠶ᠋ᠢᠨ
ᠪᠤᠭᠤᠷᠤᠯ ᠴᠡᠴᠡᠭᠡᠰ ᠨᠢ ᠨᠠᠶ᠋ᠢᠭᠤᠭᠠᠳ
ᠲᠡᠨᠢᠭᠦᠨ ᠭᠣᠪᠢ ᠶ᠋ᠢᠨ
ᠮᠢᠨᠢ ᠠᠭᠠᠷ ᠨᠢ ᠠᠷᠢᠭᠤᠬᠠᠨ
ᠠᠭᠠᠷ ᠨᠢ ᠠᠷᠢᠭᠤᠬᠠᠨ
