ᠢᠷᠥᠭᠡᠶ᠎ᠡ - ᠢᠷᠦᠭᠡᠯᠴᠢ ᠰᠦᠬᠡЕрөөе өө-ерөөлч сүхээ
ᠢᠷᠥᠭᠡᠶ᠎ᠡ
ᠪ ᠂ ᠫᠣᠷᠪᠤᠰᠦ᠋ᠬᠡ ᠶ᠋ᠢᠨ
ᠰᠢᠯᠦᠭ
— ᠢᠷᠦᠭᠡᠯᠴᠢ ᠰᠦᠬᠡ ᠳᠠᠭᠤᠯᠠᠨ᠎ᠠ
ᠪᠤᠴᠠᠯᠵᠤ ᠪᠠᠶ᠋ᠢᠭ᠎ᠠ
ᠰᠢᠨ᠎ᠡ ᠶ᠋ᠢᠨ ᠨᠠᠢ᠍ᠮᠠᠨ ᠤ ᠴᠠᠢ ᠰᠦ᠋ ᠨᠢ
ᠪᠤᠷᠠᠮ ᠪᠣᠯᠤᠨ
ᠲᠡᠪᠵᠢᠭ᠋ ᠭᠡᠵᠦ ᠢᠷᠦᠭᠡᠶ᠎ᠡ
ᠪᠠᠭᠤᠭᠠᠳ ᠮᠣᠷᠳᠠᠭᠰᠠᠨ
ᠵᠠᠮ ᠤᠨ ᠠᠶ᠋ᠢᠯ ᠨᠢ
ᠪᠤᠶᠠᠨ ᠨᠢ ᠳᠡᠯᠭᠡᠷᠡᠵᠦ
ᠪᠠᠶᠠᠵᠢᠬ ᠭᠡᠵᠦ ᠢᠷᠦᠭᠡᠶ᠎ᠡ
ᠤᠷᠲᠤᠭᠤᠷ ᠭᠠᠷᠤᠭᠰᠠᠨ ᠵᠠᠯᠠᠭᠤ
ᠬᠣᠣᠰ ᠤᠳ ᠢ ᠪᠢ
ᠤᠷᠭ᠎ᠠ ᠨᠢ ᠬᠤᠭᠤᠷᠬᠠᠢ
ᠶᠠᠪᠤᠭᠠᠷᠠᠢ ᠭᠡᠵᠦ ᠢᠷᠦᠭᠡᠶ᠎ᠡ
ᠠᠷᠤ ᠪᠠᠷ ᠭᠠᠷᠤᠭᠰᠠᠨ
ᠠᠮᠠᠷᠠᠭ ᠬᠣᠣᠰ ᠤᠳ ᠢ ᠪᠢ
ᠠᠶᠠᠭ᠎ᠠ ᠨᠢ ᠬᠠᠭᠠᠷᠬᠠᠢ
ᠠᠮᠢᠳᠤᠷᠠᠭᠠᠷᠠᠢ ᠭᠡᠵᠦ ᠢᠷᠦᠭᠡᠶ᠎ᠡ
ᠢᠷᠦᠭᠡᠶ᠎ᠡ ᠂ ᠢᠷᠦᠭᠡᠶ᠎ᠡ
ᠶᠢᠰᠦᠨ ᠦᠶ᠎ᠡ ᠪᠡᠷ ᠢᠶ᠋ᠡᠨ
ᠵᠢᠷᠭᠠᠵᠤ ᠶᠠᠪᠤᠬᠤ ᠶ᠋ᠢ ᠢᠷᠦᠭᠡᠶ᠎ᠡ
ᠢᠷᠦᠭᠡᠶ᠎ᠡ ᠂ ᠢᠷᠦᠭᠡᠶ᠎ᠡ
ᠶᠢᠰᠦᠨ ᠦᠶ᠎ᠡ ᠪᠡᠷ ᠢᠶ᠋ᠡᠨ
ᠵᠢᠷᠭᠠᠵᠤ ᠶᠠᠪᠤᠬᠤ ᠶ᠋ᠢ ᠢᠷᠦᠭᠡᠶ᠎ᠡ
ᠦᠷ᠎ᠡ ᠶ᠋ᠢᠨ ᠵᠠᠶᠠᠭ᠎ᠠ
ᠭᠤᠶᠤᠭᠰᠠᠨ ᠪᠦᠰᠡᠭᠦᠢ
ᠦᠨᠢᠷ ᠪᠦᠯᠢ ᠲᠡᠢ
ᠬᠠᠨᠠᠭᠠᠷ ᠪᠠᠢ ᠭᠡᠵᠦ ᠢᠷᠦᠭᠡᠶ᠎ᠡ
ᠦᠢᠯᠡᠰ ᠨᠢ ᠬᠠᠵᠠᠭᠠᠢ
ᠶᠠᠪᠤᠭ᠎ᠠ ᠵᠠᠯᠠᠭᠤ ᠶ᠋ᠢ
ᠬᠥᠷᠥᠩᠭᠡ ᠪᠡᠯᠡ ᠲᠡᠢ
ᠳᠠᠨᠠᠭᠠᠷ ᠪᠠᠢ ᠭᠡᠵᠦ ᠢᠷᠦᠭᠡᠶ᠎ᠡ
ᠤᠷᠤᠭ ᠡᠯᠢᠭᠡᠨ ᠰᠠᠳᠤᠨ
ᠲᠦᠮᠡᠨ ᠢᠶ᠋ᠡᠨ
ᠤᠷᠲᠤ ᠨᠠᠰᠤ ᠲᠠᠢ ᠤᠳᠠᠭᠠᠨ
ᠵᠢᠷᠭ᠎ᠠ ᠭᠡᠵᠦ ᠢᠷᠦᠭᠡᠶ᠎ᠡ
ᠤᠯᠤᠰ ᠮᠣᠩᠭᠣᠯ ᠡᠬᠡ
ᠣᠷᠣᠨ ᠢᠶ᠋ᠠᠨ
ᠥᠨᠢᠳᠡ ᠮᠥᠩᠬᠡᠳᠡ
ᠮᠠᠨᠳᠤᠵᠤ ᠪᠠᠶ᠋ᠢᠬᠤ ᠶ᠋ᠢ ᠢᠷᠦᠭᠡᠶ᠎ᠡ
ᠢᠷᠦᠭᠡᠶ᠎ᠡ ᠂ ᠢᠷᠦᠭᠡᠶ᠎ᠡ
ᠶᠢᠰᠦᠨ ᠦᠶ᠎ᠡ ᠪᠡᠷ ᠢᠶ᠋ᠡᠨ
ᠵᠢᠷᠭᠠᠵᠤ ᠶᠠᠪᠤᠬᠤ ᠶ᠋ᠢ ᠢᠷᠦᠭᠡᠶ᠎ᠡ
ᠢᠷᠦᠭᠡᠶ᠎ᠡ ᠂ ᠢᠷᠦᠭᠡᠶ᠎ᠡ
ᠶᠢᠰᠦᠨ ᠦᠶ᠎ᠡ ᠪᠡᠷ ᠢᠶ᠋ᠡᠨ
ᠵᠢᠷᠭᠠᠵᠤ ᠶᠠᠪᠤᠬᠤ ᠶ᠋ᠢ ᠢᠷᠦᠭᠡᠶ᠎ᠡ
ᠬᠠᠴᠠᠷ ᠭᠤᠸ᠋᠎ᠠ ᠪᠦᠰᠡᠭᠦᠶ᠋ᠢᠴᠦᠳ
ᠬᠠᠨᠢ ᠶ᠋ᠢᠨ ᠵᠢᠷᠭᠠᠯ ᠳᠤ
ᠣᠮᠪᠠᠵᠤ ᠪᠠᠶ᠋ᠢᠬ
ᠬᠠᠩᠬᠠᠭᠠᠷ ᠭᠣᠶᠣ
ᠡᠷᠡᠴᠦᠳ ᠨᠢ
ᠬᠠᠯᠠᠮᠵᠢ ᠬᠠᠶ᠋ᠢᠷᠠᠨ ᠳᠤ
ᠱᠤᠮᠪᠠᠵᠤ ᠪᠠᠶ᠋ᠢᠬ
ᠥᠬᠢᠳ ᠨᠢ ᠳᠠᠷᠤᠤ
ᠰᠣᠶᠣᠯ ᠲᠠᠢ
ᠬᠠᠷᠢᠴᠠᠭᠠᠨ ᠤ ᠥᠨᠳᠥᠷ
ᠰᠣᠶᠣᠯ ᠲᠠᠢ
ᠮᠣᠩᠭᠣᠯᠴᠤᠳ ᠥᠷᠢ ᠦᠭᠡᠢ
ᠡᠪᠡᠳᠴᠢᠨ ᠦᠭᠡᠢ ᠪᠠᠶ᠋ᠢᠬ
ᠮᠠᠷᠭᠠᠰᠢ ᠠ᠋ᠴᠠ
ᠪᠦᠭᠦᠳᠡᠭᠡᠷ ᠢᠶ᠋ᠡᠨ ᠪᠠᠶᠠᠨ ᠪᠠᠶ᠋ᠢᠬ
ᠢᠷᠦᠭᠡᠶ᠎ᠡ ᠂ ᠢᠷᠦᠭᠡᠶ᠎ᠡ
ᠶᠢᠰᠦᠨ ᠦᠶ᠎ᠡ ᠪᠡᠷ ᠢᠶ᠋ᠡᠨ
ᠵᠢᠷᠭᠠᠵᠤ ᠶᠠᠪᠤᠬᠤ ᠶ᠋ᠢ ᠢᠷᠦᠭᠡᠶ᠎ᠡ ᠁ ᠁ ᠁
