ᠠᠮᠢᠲᠤᠷᠠᠯ- ᠨᠣᠶᠠᠨ ᠪᠣᠨᠲᠤᠭᠤᠷАмьдрал-ноён бондгор ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠮᠢᠲᠤᠷᠠᠯ- ᠨᠣᠶᠠᠨ ᠪᠣᠨᠲᠤᠭᠤᠷАмьдрал-ноён бондгор

ᠠᠮᠢᠲᠤᠷᠠᠯ- ᠨᠣᠶᠠᠨ ᠪᠣᠨᠲᠤᠭᠤᠷАмьдрал-ноён бондгор

ᠠᠩᠭᠢᠯᠠᠯ:ᠳᠠᠭᠤᠤ ᠬᠥᠭᠵᠢᠮ
2023-01-02

260

ᠠᠮᠢᠲᠤᠷᠠᠯ

     ᠦᠭᠡ ᠄ ᠴ · ᠨᠠᠨᠲᠢᠨᠴᠡᠴᠡᠭ
                 · ᠵᠢᠪᠬᠤᠯᠠᠩ
     ᠠᠶ᠎ᠠ ᠄ ᠬ · ᠮᠥᠩᠬᠡᠠᠮᠢᠲᠤᠷᠠᠯ
    ᠲᠠᠭᠤᠴᠢᠨ ᠄ ᠮᠣᠩᠭᠣᠯ ᠤᠯᠤᠰ ‍ᠤᠨ ᠶᠡᠬᠡ ᠦᠷᠡᠰ ‍ᠦᠨ ᠡᠯᠴᠢ ᠲᠠᠭᠤᠴᠢᠨ ᠨᠣᠶᠠᠨ ᠪᠣᠨᠲᠤᠭᠤᠷ
ᠰᠠᠶ᠋ᠢᠨ ᠠᠪᠤ ᠺᠢᠨᠣ᠋ ‍ᠶ᠋ᠢᠨ ᠲᠠᠭᠤᠤ
ᠥᠷᠯᠥᠭᠡ ᠮᠠᠨᠲᠤᠵᠤ ᠦᠲᠡᠰᠢ ᠵᠢᠷᠭᠠᠲᠠᠭ ᠨᠠᠷᠠᠨ ᠪᠠᠶ᠋ᠢᠨ᠎ᠠ
ᠥᠰᠬᠦ ᠳ᠋ᠡᠭᠡᠨ ᠵᠣᠪᠠᠭᠰᠠᠨ ᠴᠦ᠍ ᠥᠲᠡᠯᠬᠦ ᠳ᠋ᠡᠭᠡᠨ ᠵᠢᠷᠭᠠᠲᠠᠭ ᠬᠣᠷᠸ᠋᠎ᠠ ᠪᠠᠶ᠋ᠢᠨ᠎ᠠ
ᠥᠪᠯᠡᠬ᠋ᠰᠡᠨ ᠬᠥᠷᠥᠩᠭᠡ ᠎ᠲᠡᠢ ᠴᠦ᠍ ᠥᠴᠦᠬᠡᠨ ᠰᠡᠤᠠᠬᠢᠯ ᠎ᠲᠡᠢ  ᠬᠥᠮᠦᠨ ᠪᠠᠶ᠋ᠢᠨ᠎ᠠ
ᠥᠯᠥᠰᠴᠦ ᠴᠠᠩᠭᠠᠭᠰᠠᠨ ᠴᠦ᠍ ᠥᠭᠡᠲᠡ ᠎ᠪᠡᠨ ᠬᠡᠶ᠋ᠢᠮᠣᠷᠢ ᠎ᠲᠠᠢ ᠴᠦ᠍ ᠬᠥᠮᠦᠨ ᠪᠠᠶ᠋ᠢᠨ᠎ᠠ
ᠠᠮᠢᠲᠤᠷᠠᠯ ᠶᠠᠭᠠᠬᠢᠭᠠᠳ ᠬᠠᠲᠠᠭᠤ ᠵᠥᠭᠡᠯᠡᠨ ᠶᠤᠮ ᠪᠤᠢ
ᠠᠮᠢᠲᠤᠷᠠᠯ ‍ᠲᠤ ᠶᠠᠭᠠᠬᠢᠭᠠᠳ ᠵᠢᠷᠭᠠᠯ ᠵᠣᠪᠠᠯᠠᠩ ᠬᠣᠣᠰᠯᠠᠲᠠᠭ ᠶᠤᠮ ᠪᠣᠯ
ᠠᠯᠲᠠᠭᠰᠠᠨ ᠴᠦ᠍ ᠤᠨᠤᠭᠰᠠᠨ ᠴᠦ᠍ ᠠᠮᠢᠲᠤᠷᠠᠯ ᠴᠢᠮ᠎ᠠ ‍ᠲᠤ ᠪᠢ ᠬᠠᠶ᠋ᠢᠷᠠᠲᠠᠢ
ᠠᠷᠭᠠᠲᠠᠵᠤ ᠲᠤᠨᠢᠭᠰᠠᠨ ᠴᠦ᠍ ᠠᠮᠢᠲᠤᠷᠠᠯ ᠴᠢᠮ᠎ᠠ ᠳ᠋ᠠᠭᠠᠨ ᠪᠢ ᠬᠠᠶ᠋ᠢᠷᠠᠲᠠᠢ ᠂
ᠬᠥᠮᠦᠨ ‍ᠦ ᠨᠤᠲᠤᠭ ᠠ᠋ᠴᠠ ᠬᠦᠯᠢᠶᠡᠨ ᠰᠠᠨᠠᠲᠠᠭ ᠬᠠᠶ᠋ᠢᠷ᠎ᠠ ᠪᠠᠶ᠋ᠢᠨ᠎ᠠ
ᠬᠦᠰᠡᠬ᠋ᠰᠡᠨ ᠪᠦᠬᠦᠨ ‍ᠢᠶ᠋ᠡᠨ ᠬᠦᠷᠲᠡᠵᠦ ᠶᠠᠪᠤᠬ᠋᠎ᠠ ᠬᠥᠮᠦᠨ ᠎ᠴᠦ ᠪᠠᠶ᠋ᠢᠨ᠎ᠠ
ᠰᠠᠷᠬᠤᠳ ‍ᠤᠨ ᠠᠮᠲᠠᠨ ‍ᠳᠤ ᠰᠠᠭᠰᠠᠭᠤᠷᠠᠵᠤ ᠶᠠᠪᠤᠬ᠋᠎ᠠ ᠴᠦ᠍ ᠬᠥᠮᠦᠨ ᠪᠠᠶ᠋ᠢᠨ᠎ᠠ
ᠰᠠᠨᠠᠬ᠋᠎ᠠ ᠨᠢᠭᠡᠲᠡᠢ ᠰᠡᠤᠠᠬᠢᠯ ᠳ᠋ᠡᠭᠡᠨ ᠭᠠᠯ ᠎ᠲᠠᠢ ᠠᠨᠲᠠ ᠎ᠨᠤᠭᠤᠳ ᠪᠠᠶ᠋ᠢᠨ᠎ᠠ
ᠠᠮᠢᠲᠤᠷᠠᠯ ᠶᠠᠭᠠᠬᠢᠭᠠᠳ ᠬᠠᠲᠠᠭᠤ ᠵᠥᠭᠡᠯᠡᠨ ᠶᠤᠮ ᠪᠤᠢ
ᠠᠮᠢᠲᠤᠷᠠᠯ ‍ᠲᠤ ᠶᠠᠭᠠᠬᠢᠭᠠᠳ ᠵᠢᠷᠭᠠᠯ ᠵᠣᠪᠠᠯᠠᠩ ᠬᠣᠣᠰᠯᠠᠲᠠᠭ ᠶᠤᠮ ᠪᠣᠯ
ᠠᠯᠲᠠᠭᠰᠠᠨ ᠴᠦ᠍ ᠤᠨᠤᠭᠰᠠᠨ ᠴᠦ᠍ ᠠᠮᠢᠲᠤᠷᠠᠯ ᠴᠢᠮ᠎ᠠ ‍ᠲᠤ ᠪᠢ ᠬᠠᠶ᠋ᠢᠷᠠᠲᠠᠢ
ᠠᠷᠭᠠᠲᠠᠵᠤ ᠲᠤᠨᠢᠭᠰᠠᠨ ᠴᠦ᠍ ᠠᠮᠢᠲᠤᠷᠠᠯ ᠴᠢᠮ᠎ᠠ ᠳ᠋ᠠᠭᠠᠨ ᠪᠢ ᠬᠠᠶ᠋ᠢᠷᠠᠲᠠᠢ ᠂
ᠪᠣᠷᠣᠬᠠᠨ ᠭᠡᠷ ᠎ᠲᠡᠭᠡᠨ ᠵᠢᠷᠭᠠᠨ ᠰᠠᠭᠤᠬ᠋᠎ᠠ ᠡᠵᠢ ᠠᠪᠤ ᠪᠠᠶ᠋ᠢᠨ᠎ᠠ
ᠪᠣᠯᠵᠤ ᠪᠦᠲᠦᠭᠡᠲᠡᠭ᠌ ᠬᠠᠮᠲᠤ ᠳ᠋ᠠᠭᠠᠨ ᠶᠠᠪᠤᠬᠤ ᠨᠥᠬᠥᠳ ᠮᠢᠨᠢ ᠪᠠᠶ᠋ᠢᠨ᠎ᠠ
ᠪᠦᠲᠦᠨ ᠵᠠᠶᠠᠭᠠᠨ ‍ᠲᠤ ᠪᠦᠬᠦᠨ ‍ᠢ ᠲᠠᠭᠠᠭᠤᠯᠬᠤ ᠵᠠᠯᠠᠭᠤ ᠨᠠᠰᠤ ᠪᠠᠶ᠋ᠢᠨ᠎ᠠ
ᠪᠠᠬᠠᠲᠤᠮ᠎ᠠ ᠲᠡᠯᠭᠡᠷ ᠡᠬᠡ ᠣᠷᠣᠨ ᠪᠦᠭᠦᠲᠡ ᠪᠠᠶ᠋ᠢᠨ᠎ᠠ
ᠠᠮᠢᠲᠤᠷᠠᠯ ᠶᠠᠭᠠᠬᠢᠭᠠᠳ ᠬᠠᠲᠠᠭᠤ ᠵᠥᠭᠡᠯᠡᠨ ᠶᠤᠮ ᠪᠤᠢ
ᠠᠮᠢᠲᠤᠷᠠᠯ ‍ᠳᠤ ᠶᠠᠭᠠᠬᠢᠭᠠᠳ ᠵᠢᠷᠭᠠᠯ ᠵᠣᠪᠠᠯᠠᠩ ᠬᠣᠣᠰᠯᠠᠲᠠᠭ ᠶᠤᠮ ᠪᠣᠯ
ᠠᠯᠲᠠᠭᠰᠠᠨ ᠴᠦ᠍ ᠤᠨᠤᠭᠰᠠᠨ ᠴᠦ᠍ ᠠᠮᠢᠲᠤᠷᠠᠯ ᠴᠢᠮ᠎ᠠ ‍ᠲᠤ ᠪᠢ ᠬᠠᠶ᠋ᠢᠷᠠᠲᠠᠢ
ᠠᠷᠭᠠᠲᠠᠵᠤ ᠲᠤᠨᠢᠭᠰᠠᠨ ᠴᠦ᠍ ᠠᠮᠢᠲᠤᠷᠠᠯ ᠴᠢᠮ᠎ᠠ ᠳ᠋ᠠᠭᠠᠨ ᠁ ᠠᠮᠢᠲᠤᠷᠠᠯ ᠶᠠᠭᠠᠬᠢᠭᠠᠳ ᠬᠠᠲᠠᠭᠤ ᠵᠥᠭᠡᠯᠡᠨ ᠶᠤᠮ ᠪᠤᠢ
ᠠᠮᠢᠲᠤᠷᠠᠯ ‍ᠲᠤ ᠶᠠᠭᠠᠬᠢᠭᠠᠳ ᠵᠢᠷᠭᠠᠯ ᠵᠣᠪᠠᠯᠠᠩ ᠬᠣᠣᠰᠯᠠᠲᠠᠭ ᠶᠤᠮ ᠪᠣᠯ
ᠠᠯᠲᠠᠭᠰᠠᠨ ᠴᠦ᠍ ᠤᠨᠤᠭᠰᠠᠨ ᠴᠦ᠍ ᠠᠮᠢᠲᠤᠷᠠᠯ ᠴᠢᠮ᠎ᠠ ‍ᠲᠤ ᠪᠢ ᠬᠠᠶ᠋ᠢᠷᠠᠲᠠᠢ
ᠠᠷᠭᠠᠲᠠᠵᠤ ᠲᠤᠨᠢᠭᠰᠠᠨ ᠴᠦ᠍ ᠠᠮᠢᠲᠤᠷᠠᠯ ᠴᠢᠮ᠎ᠠ ᠳ᠋ᠠᠭᠠᠨ
ᠪᠢ ᠬᠠᠶ᠋ᠢᠷᠠᠲᠠᠢ ᠁