ᠠᠰᠬᠠᠲᠤ ᠰᠠᠭᠠᠷᠠᠯ- ᠪ ᠪᠣᠯᠣᠳ ᠂ ᠬ ᠮᠥᠩᠭᠥᠨᠴᠡᠴᠡᠭАсгат саарал-б болд , х мөнгөнцэцэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠰᠬᠠᠲᠤ ᠰᠠᠭᠠᠷᠠᠯ- ᠪ ᠪᠣᠯᠣᠳ ᠂ ᠬ ᠮᠥᠩᠭᠥᠨᠴᠡᠴᠡᠭАсгат саарал-б болд , х мөнгөнцэцэг

ᠠᠰᠬᠠᠲᠤ ᠰᠠᠭᠠᠷᠠᠯ- ᠪ ᠪᠣᠯᠣᠳ ᠂ ᠬ ᠮᠥᠩᠭᠥᠨᠴᠡᠴᠡᠭАсгат саарал-б болд , х мөнгөнцэцэг

ᠠᠩᠭᠢᠯᠠᠯ:ᠳᠠᠭᠤᠤ ᠬᠥᠭᠵᠢᠮ
2023-01-02

299

ᠠᠰᠬᠠᠲᠤ ᠰᠠᠭᠠᠷᠠᠯ

       ᠰᠢᠯᠦᠭ ᠄ ᠳ ᠴᠡᠷᠡᠩᠵᠢᠭᠮᠢᠳ
       ᠠᠶᠠᠯᠭᠤ ᠄ ᠴ ᠴᠢᠯᠠᠭᠤᠨᠪᠠᠲᠤ
          ᠪ ᠪᠣᠯᠣᠳ ᠂ ᠬ ᠮᠥᠩᠭᠥᠨᠴᠡᠴᠡᠭ ᠳᠠᠭᠤᠯᠠᠨ᠎ᠠ
ᠲᠣᠪᠯᠠᠨ ᠲᠣᠭᠣᠰᠣᠯᠠᠨ ᠲᠣᠭᠠᠯᠠᠨ ᠬᠦᠯᠢᠶᠡᠳᠡᠭ ᠨᠢ
ᠲᠦᠮᠡᠨ ‍ᠦ ᠴᠡᠩᠭᠡᠯ ᠨᠠᠭᠠᠳᠤᠮ ᠡ
ᠲᠡᠷᠯᠡᠨ ᠰᠣᠩᠭᠣᠨ ᠲᠡᠷᠯᠡᠨ ᠡᠪᠯᠡᠳᠡᠭ ᠨᠢ
ᠠᠰᠬᠠᠲᠤ ᠰᠠᠭᠠᠷᠠᠯ ‍ᠤᠨ ᠮᠢᠨᠢ ᠤᠶᠠᠭ᠎ᠠ ‍ᠤᠤ
ᠠᠭᠤᠵᠢᠷᠠᠨ ᠣᠶ᠋ᠢᠮᠤᠷᠡᠨ ᠠᠭᠤᠵᠢᠷᠠᠨ ᠳᠣᠭᠳᠣᠯᠳᠠᠭ ᠨᠢ
ᠤᠶᠠᠭᠠᠴᠢ ᠪᠦᠬᠦᠨ ‍ᠦ ᠰᠡᠳᠬᠢᠯ ᠡ
ᠣᠨᠳᠣᠷᠣᠨ ᠣᠨᠳᠣᠷᠣᠨ ᠣᠨᠳᠣᠷᠣᠨ ᠢᠪᠢᠯᠲᠡᠭ᠌ ᠨᠢ
ᠠᠰᠬᠠᠲᠤ ᠰᠠᠭᠠᠷᠠᠯ ‍ᠤᠨ ᠮᠢᠨᠢ ᠳᠠᠪᠬᠢᠶ᠎ᠠ ‍ᠤᠤ

ᠵᠢᠭᠦᠷ ᠬᠣᠯᠠ ᠽᠠᠨᠳᠠᠨ ᠬᠦᠷᠡᠩ ᠎ᠲᠡᠢ ᠎ᠪᠡᠨ
ᠵᠢᠱ᠌ᠢᠵᠦ ᠰᠣᠶ᠋ᠢᠬᠰᠠᠨ ᠠᠵᠢᠨᠠᠢ ᠮᠢᠨᠢ ᠠ᠋
ᠵᠢᠯ ᠵᠢᠯ ‍ᠦᠨ ᠨᠠᠭᠠᠳᠤᠮ ‍ᠤᠨ ᠲᠦᠷᠦᠭᠦᠦ
ᠵᠢᠩᠬᠢᠨᠢ ᠬᠤᠷᠳᠤᠨ ᠬᠦᠯᠦᠭ ᠮᠢᠨᠢ ᠠ᠋
ᠠᠮᠠᠭᠠᠢ ᠳᠠᠷᠤᠭᠠᠲᠠᠢ ᠠᠵᠢᠨᠠᠢ ᠰᠠᠭᠠᠷᠠᠯ ᠡ
ᠠᠷᠰᠯᠠᠨ ᠳᠦᠷᠢ ᠎ᠲᠡᠢ ᠠᠰᠬᠠᠲᠤ ᠰᠠᠭᠠᠷᠠᠯ ᠡ

ᠬᠦᠯᠦᠭ ᠬᠦᠯᠦᠭ ᠬᠦᠯᠦᠭ ‍ᠦᠨ ᠳᠡᠭᠡᠳᠦ ᠨᠢ
ᠬᠥᠪᠴᠢ ᠣᠷᠣᠵᠤ ᠨᠤᠮᠤᠷᠠᠭᠰᠠᠨ ᠤᠶᠠᠭ᠎ᠠ
ᠰᠦᠷᠦᠭ ᠰᠦᠷᠦᠭ ᠰᠦᠷᠦᠭ ‍ᠦᠨ ᠮᠠᠩᠯᠠᠢ ᠨᠢ
ᠠᠰᠬᠠᠲᠤ ᠰᠠᠭᠠᠷᠠᠯ ‍ᠤᠨ ᠮᠢᠨᠢ ᠣᠭᠰᠢᠯ᠎ ᠡ
ᠲᠥᠷᠥ ‍ᠶ᠋ᠢᠨ ᠨᠠᠭᠠᠳᠤᠮ ‍ᠳᠤ ᠲᠡᠷᠢᠭᠦᠯᠡᠪᠡ
ᠲᠡᠦᠬᠡᠨ ᠴᠠᠳᠢᠬ ᠎ᠲᠤ ᠮᠥᠩᠬᠡᠷᠡᠪᠡ
ᠲᠡᠭᠦᠯᠳᠡᠷ ᠭᠤᠸ᠋᠎ᠠ ᠲᠦᠮᠡᠨ ‍ᠤ ᠡᠬᠢ ᠡ
ᠲᠦᠮᠡᠨ ‍ᠤ ᠮᠠᠩᠯᠠᠢ ᠠᠰᠬᠠᠲᠤ ᠰᠠᠭᠠᠷᠠᠯ ᠡ
ᠵᠢᠭᠦᠷ ᠬᠣᠯᠠ ᠽᠠᠨᠳᠠᠨ ᠬᠦᠷᠡᠩ ᠎ᠲᠡᠢ ᠎ᠪᠡᠨ
ᠵᠢᠱ᠌ᠢᠵᠦ ᠰᠣᠶ᠋ᠢᠬᠰᠠᠨ ᠠᠵᠢᠨᠠᠢ ᠮᠢᠨᠢ ᠠ᠋
ᠵᠢᠯ ᠵᠢᠯ ‍ᠦᠨ ᠨᠠᠭᠠᠳᠤᠮ ‍ᠤᠨ ᠲᠦᠷᠦᠭᠦᠦ
ᠵᠢᠩᠬᠢᠨᠢ ᠬᠤᠷᠳᠤᠨ ᠬᠦᠯᠦᠭ ᠮᠢᠨᠢ ᠠ᠋
ᠠᠮᠠᠭᠠᠢ ᠳᠠᠷᠤᠭᠠᠲᠠᠢ ᠠᠵᠢᠨᠠᠢ ᠰᠠᠭᠠᠷᠠᠯ ᠡ
ᠠᠷᠰᠯᠠᠨ ᠳᠦᠷᠢ ᠎ᠲᠡᠢ ᠠᠰᠬᠠᠲᠤ ᠰᠠᠭᠠᠷᠠᠯ ᠡ ᠁