ᠮᠣᠩᠭᠣᠯ ᠳᠤ ᠪᠠᠨ ᠢᠷᠡᠭᠡᠷᠡᠢ- ᠵᠢᠪᠬᠤᠯᠠᠩМонголдоо ирээрэй-жавхлан
ᠮᠣᠩᠭᠣᠯ ᠳᠤ ᠪᠠᠨ ᠢᠷᠡᠭᠡᠷᠡᠢ
ᠲᠠᠭᠤᠴᠢᠨ ᠄ ᠵᠢᠪᠬᠤᠯᠠᠩ
ᠲᠡᠪᠴᠢᠬᠦ ᠲᠡᠪᠴᠢᠶᠡᠷᠢ
ᠠᠯᠲᠠᠷᠠᠬᠤ ᠶ᠋ᠢᠨ ᠦᠶ᠎ᠡ ᠲᠦ
ᠬᠦᠷᠦᠭᠡᠳ ᠢᠷ᠎ᠡ ᠳ᠋ᠡ
ᠬᠥᠬᠡ ᠮᠣᠩᠭᠣᠯ ᠲᠤ ᠪᠠᠨ
ᠲᠡᠨᠢᠭᠡᠷ ᠰᠠᠶ᠋ᠢᠬᠠᠨ
ᠨᠤᠲᠤᠭ ᠴᠢᠨᠢ
ᠰᠡᠷᠢᠭᠦᠨ ᠰᠠᠯᠬᠢ ᠪᠠᠷ
ᠤᠭᠲᠤᠨ᠎ᠠ ᠴᠢᠮ᠎ᠠ ᠶ᠋ᠢ
ᠠᠪᠤ ᠶ᠋ᠢᠨ ᠴᠢᠨᠢ
ᠤᠶᠠᠭᠰᠠᠨ ᠴᠡᠩᠬᠡᠷ ᠬᠠᠲᠠᠭ
ᠲᠣᠭᠣᠨᠣᠨ ᠳᠤ ᠬᠡᠪ ᠢᠶ᠋ᠡᠷ
ᠨᠠᠮᠢᠷᠠᠵᠤ ᠪᠠᠶ᠋ᠢᠨ᠎ᠠ
ᠠᠭᠲᠠ ᠶ᠋ᠢᠨ ᠬᠥᠯᠥᠰᠥ
ᠲᠡᠢ ᠬᠤᠰᠤᠭᠤᠷ ᠬᠠᠵᠠᠭᠠᠷ
ᠤᠨᠢᠨ ᠳᠤ ᠬᠠᠪᠴᠢᠶᠠ
ᠲᠠᠢ ᠬᠦᠯᠢᠶᠡᠵᠦ ᠪᠠᠶ᠋ᠢᠨ᠎ᠠ
ᠠᠷᠭᠤᠮᠠᠭ ᠬᠦᠯᠦᠭ᠋
ᠮᠣᠷᠢᠳ ᠨᠢ
ᠤᠶᠠᠭᠠᠨ ᠲᠡᠭᠡᠷ᠎ᠡ ᠪᠠᠨ
ᠦᠦᠷᠰᠡᠨ ᠪᠠᠶ᠋ᠢᠨ᠎ᠠ ᠂
ᠣᠷᠣᠭᠠᠳ ᠠᠷᠢᠯᠤᠭᠰᠠᠨ
ᠪᠣᠷᠣᠭᠠᠨ ᠤ ᠦᠨᠦᠷ
ᠣᠷᠣᠢ ᠪᠠᠭᠤᠬᠤ ᠵᠢᠷᠭᠠᠯ
ᠤᠨ ᠤᠯᠠᠭᠠᠨ ᠨᠠᠷᠠ
ᠣᠲᠣᠳ ᠨᠢ ᠣᠶ᠋ᠢᠷᠠᠬᠠᠨ
ᠲᠩᠷᠢ ᠶ᠋ᠢᠨ ᠵᠠᠭᠠᠲᠠᠰᠤ
ᠣᠴᠢ ᠬᠠᠶᠠᠯᠠᠭᠰᠠᠨ
ᠠᠷᠭᠠᠯ ᠤᠨ ᠤᠲᠤᠬ᠋᠎ᠠ
ᠮᠣᠩᠭᠣᠯ ᠲᠤ ᠯᠡ ᠪᠠᠶ᠋ᠢᠲᠠᠭ ᠶᠤᠮ
ᠴᠠᠢ ᠳᠤ ᠬᠥᠪᠬᠦ ᠥᠷᠥᠮ᠎ᠡ ᠲᠡᠢ
ᠰᠠᠴᠤᠯᠢ ᠲᠡᠪᠲᠦᠭᠡᠬᠦ
ᠰᠦ᠋ ᠲᠡᠢ
ᠴᠠᠷᠴᠠᠬᠠᠢ ᠱᠤᠤᠭᠢᠭᠰᠠᠨ
ᠨᠠᠮᠤᠷ ᠲᠠᠢ
ᠴᠠᠩ ᠲᠣᠭᠲᠠᠭᠰᠠᠨ ᠡᠪᠦᠯ
ᠲᠡᠢ
ᠴᠠᠬᠢᠯᠵᠤ ᠤᠷᠭᠤᠭᠰᠠᠨ
ᠢᠷᠭᠤᠢ ᠲᠡᠢ ᠬᠠᠪᠤᠷ ᠲᠠᠢ
ᠴᠡᠴᠡᠭ᠋
ᠲᠡᠯᠭᠡᠷᠡᠬ᠋ᠰᠡᠨ ᠵᠤᠨ ᠮᠣᠩᠭᠣᠯ ᠳᠤ ᠯᠡ ᠪᠠᠶ᠋ᠢᠲᠠᠭ ᠶᠤᠮ ᠂
ᠰᠦᠨ ᠲᠦ ᠰᠢᠩᠭᠡᠬ᠋ᠰᠡᠨ
ᠢᠷᠦᠭᠡᠯ ᠲᠡᠢ
ᠦᠲᠡᠵᠦ ᠬᠦᠯᠢᠶᠡᠬ᠋ᠰᠡᠨ
ᠪᠤᠭᠤᠷᠤᠯ ᠡᠵᠢ
ᠰᠦᠯᠲᠡᠲᠦ ᠮᠣᠩᠭᠣᠯ ᠤᠨ ᠵᠠᠶᠠᠭᠠᠨ ᠲᠤ ᠲᠠᠭᠠᠤᠠᠬᠠᠵᠤ
ᠵᠠᠯᠪᠠᠷᠢᠵᠤ ᠢᠷᠦᠭᠡᠨ
ᠦᠷᠡᠰ ᠢᠶ᠋ᠡᠨ ᠬᠦᠯᠢᠶᠡᠨ᠎ᠡ
ᠡᠩᠭᠡᠷ ᠡᠴᠡ ᠨᠢ ᠰᠦ᠋
ᠰᠦᠯᠡᠨ ᠦᠨᠦᠷᠲᠦᠬ᠋ᠰᠡᠨ
ᠡᠩᠬᠦᠷᠡᠢ ᠦᠷ᠎ᠡ ᠴᠢᠨᠢ
ᠬᠠᠷᠠᠭᠤᠯᠲᠠᠨᠠ
ᠡᠷᠭᠢᠬᠦ ᠵᠠᠮ ᠤᠨ ᠤᠷᠤᠰᠬᠠᠯ
ᠰᠥᠷᠦᠬ᠋ᠰᠡᠨ
ᠢᠲᠡᠭᠡᠯᠲᠦ ᠬᠠᠨᠢ ᠴᠢᠨᠢ
ᠬᠦᠯᠢᠶᠡᠨ᠎ᠡ
ᠡᠷᠭᠢᠬᠦ ᠵᠠᠮ ᠤᠨ
ᠤᠷᠤᠰᠬᠠᠯ ᠰᠥᠷᠦᠬ᠋ᠰᠡᠨ
ᠢᠲᠡᠭᠡᠯᠲᠦ ᠬᠠᠨᠢ ᠴᠢᠨᠢ
ᠬᠦᠯᠢᠶᠡᠨ᠎ᠡ
ᠣᠷᠣᠭᠠᠳ ᠠᠷᠢᠯᠤᠭᠰᠠᠨ
ᠪᠣᠷᠣᠭᠠᠨ ᠤ ᠦᠨᠦᠷ
ᠣᠷᠣᠢ ᠪᠠᠭᠤᠬᠤ ᠵᠢᠷᠭᠠᠯ
ᠤᠨ ᠤᠯᠠᠭᠠᠨ ᠨᠠᠷᠠ
ᠣᠲᠣᠳ ᠨᠢ ᠣᠶ᠋ᠢᠷᠠᠬᠠᠨ
ᠲᠩᠷᠢ ᠶ᠋ᠢᠨ ᠵᠠᠭᠠᠲᠠᠰᠤ
ᠣᠴᠢ ᠬᠠᠶᠠᠯᠠᠭᠰᠠᠨ
ᠠᠷᠭᠠᠯ ᠤᠨ ᠤᠲᠤᠬ᠋᠎ᠠ
ᠮᠣᠩᠭᠣᠯ ᠲᠤ ᠯᠡ ᠪᠠᠶ᠋ᠢᠲᠠᠭ ᠶᠤᠮ
ᠮᠣᠩᠭᠣᠯ ᠲᠤ ᠪᠠᠨ ᠢᠷ᠎ᠡ
