ᠲᠠᠯ᠎ᠠ ᠳᠤ ᠤᠨᠠᠭᠰᠠᠨ ᠵᠢᠪᠠᠷ - ᠠᠷᠠᠳ ‍ᠤᠨ ᠲᠠᠭᠤᠤ- ᠲᠦ᠊ ᠴᠡᠪᠡᠷᠴᠡᠴᠡᠭТалд унасан жавар-ардын дуу-т цэвэрцэцэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠠᠯ᠎ᠠ ᠳᠤ ᠤᠨᠠᠭᠰᠠᠨ ᠵᠢᠪᠠᠷ - ᠠᠷᠠᠳ ‍ᠤᠨ ᠲᠠᠭᠤᠤ- ᠲᠦ᠊ ᠴᠡᠪᠡᠷᠴᠡᠴᠡᠭТалд унасан жавар-ардын дуу-т цэвэрцэцэг

ᠲᠠᠯ᠎ᠠ ᠳᠤ ᠤᠨᠠᠭᠰᠠᠨ ᠵᠢᠪᠠᠷ - ᠠᠷᠠᠳ ‍ᠤᠨ ᠲᠠᠭᠤᠤ- ᠲᠦ᠊ ᠴᠡᠪᠡᠷᠴᠡᠴᠡᠭТалд унасан жавар-ардын дуу-т цэвэрцэцэг

ᠠᠩᠭᠢᠯᠠᠯ:ᠳᠠᠭᠤᠤ ᠬᠥᠭᠵᠢᠮ
2023-01-01

360

ᠲᠠᠯ᠎ᠠ ᠳᠤ ᠤᠨᠠᠭᠰᠠᠨ ᠵᠢᠪᠠᠷ - ᠠᠷᠠᠳ ‍ᠤᠨ ᠲᠠᠭᠤᠤ

 ᠲᠠᠭᠤᠴᠢᠨ ᠄ ᠲᠦ᠊ ᠴᠡᠪᠡᠷᠴᠡᠴᠡᠭ


ᠲᠠᠯ᠎ᠠ ᠳ᠋ᠠᠭᠠᠨ ᠤᠨᠠᠭᠰᠠᠨ ᠵᠢᠪᠠᠷ ᠰᠠᠯᠬᠢ ᠨᠢ
ᠲᠠᠰᠢᠭᠤᠷ ᠠᠯᠳᠠᠮ᠎ᠠ ᠬᠦᠢᠲᠡᠨ ᠵᠢᠪᠠᠷ ᠬᠦ᠋
ᠲᠠᠩᠬᠢᠯ ᠥᠰᠦᠭᠰᠡᠨ ᠨᠠᠮᠠᠶ᠋ᠢ ᠎ᠪᠠᠨ ᠪᠣᠯᠪᠠᠯ
ᠲᠠᠷᠢᠬᠢ ‍ᠶ᠋ᠢ ᠨᠢ ᠡᠷᠭᠢᠳᠡᠯ᠎ᠡ ᠵᠠᠩᠨᠠᠭᠠᠳ ᠶᠠᠭᠠᠬᠢᠬᠤ ᠪᠣᠢ ᠬᠦ᠋


ᠠᠭᠤᠯᠠᠨ ᠳ᠋ᠠᠭᠠᠨ ᠤᠨᠠᠭᠰᠠᠨ ᠵᠢᠪᠠᠷ ᠰᠠᠯᠬᠢ ᠨᠢ
ᠤᠷᠭ᠎ᠠ ᠠᠯᠳᠠᠮ᠎ᠠ ᠬᠦᠢᠲᠡᠨ ᠵᠢᠪᠠᠷ ᠬᠦ᠋
ᠤᠬᠠᠭᠠᠨ ᠰᠠᠭᠤᠭ᠎ᠠ ᠦᠭᠡᠢ ᠨᠠᠮᠠᠶ᠋ᠢ ᠎ᠪᠠᠨ ᠪᠣᠯᠪᠠᠯ
ᠠᠭᠤᠷᠯᠠᠵᠤ ᠵᠠᠩᠨᠠᠭᠠᠳ ᠶᠠᠭᠤ ᠎ᠪᠠᠨ ᠬᠢᠬᠦ ᠪᠣᠢ ᠬᠦ᠋

 

ᠠᠷᠠᠯᠵᠢᠶ᠎ᠠ ᠰᠤᠷᠤᠭ᠎ᠠ ᠦᠭᠡᠢ ᠮᠣᠷᠢ ‍ᠶ᠋ᠢ ᠪᠣᠯᠪᠠᠯ

ᠠᠮᠠ ‍ᠶ᠋ᠢ ᠨᠢ ᠲᠠᠲᠠᠭᠠᠳ ᠶᠠᠭᠤ ᠎ᠪᠠᠨ ᠬᠢᠬᠦ ᠪᠣᠢ ᠬᠦ᠋
ᠠᠵᠢᠯ ᠰᠤᠷᠤᠭ᠎ᠠ ᠦᠭᠡᠢ ᠨᠠᠮᠠᠶ᠋ᠢ ᠎ᠪᠠᠨ ᠪᠣᠯᠪᠠᠯ
ᠠᠭᠠᠰᠢᠯᠠᠵᠤ ᠵᠠᠩᠨᠠᠭᠠᠳ ᠶᠠᠭᠤ ᠎ᠪᠠᠨ ᠬᠢᠬᠦ ᠪᠣᠢ ᠬᠦ᠋

 

ᠬᠠᠲᠠᠷᠢᠶ᠎ᠠ ᠰᠤᠷᠤᠭ᠎ᠠ ᠦᠭᠡᠢ ᠮᠣᠷᠢ ‍ᠶ᠋ᠢ ᠪᠣᠯᠪᠠᠯ
ᠬᠠᠵᠠᠭᠠᠷ ‍ᠢ ᠨᠢ ᠲᠠᠲᠠᠭᠠᠳ ᠶᠠᠭᠤ ᠎ᠪᠠᠨ ᠬᠢᠬᠦ ᠪᠣᠢ ᠬᠦ᠋
ᠬᠠᠯᠠ ᠦᠵᠡᠭᠡ ᠦᠭᠡᠢ ᠨᠠᠮᠠᠶ᠋ᠢ ᠎ᠪᠠᠨ ᠪᠣᠯᠪᠠᠯ
ᠬᠠᠷᠠᠳᠠᠵᠤ ᠵᠠᠩᠨᠠᠭᠠᠳ ᠶᠠᠭᠤ ᠎ᠪᠠᠨ ᠬᠢᠬᠦ ᠪᠣᠢ ᠬᠦ᠋
ᠬᠠᠷᠠᠳᠠᠵᠤ ᠵᠠᠩᠨᠠᠭᠠᠳ ᠶᠠᠭᠤ ᠎ᠪᠠᠨ ᠬᠢᠬᠦ ᠪᠣᠢ ᠬᠦ᠋
ᠠᠭᠠᠰᠢᠯᠠᠵᠤ ᠵᠠᠩᠨᠠᠭᠠᠳ ᠶᠠᠭᠤ ᠎ᠪᠠᠨ ᠬᠢᠬᠦ ᠪᠣᠢ ᠬᠦ᠋