ᠬᠡᠪᠲᠡᠬᠦ ᠤᠴᠢᠷ ᠦᠭᠡᠢ ᠪᠣᠰᠣᠭ᠎ᠠ ᠪᠢᠴᠢᠭ- ᠪ ᠰᠠᠷᠠᠨᠲᠤᠶᠠᠭ᠎ᠠХэвтэх учиргүй босоо бичиг-б сарантуяа
ᠬᠡᠪᠲᠡᠬᠦ ᠤᠴᠢᠷ ᠦᠭᠡᠢ ᠪᠣᠰᠤᠬ᠋᠎ᠠ ᠪᠢᠴᠢᠭ
ᠪ ᠰᠠᠷᠠᠨᠲᠤᠶᠠᠭ᠎ᠠ
ᠪᠤᠭᠤᠷᠤᠯ ᠲᠡᠦᠬᠡ ᠶᠢᠨ ᠡᠭᠡᠳᠡᠷᠡᠭᠡᠲᠦ ᠬᠦᠷᠳᠦ ᠨᠢ
ᠪᠥᠬᠥᠢᠵᠦ ᠨᠣᠮᠣᠬᠠᠷᠠᠭ᠎ᠠ ᠦᠭᠡᠢ ᠪᠣᠰᠤᠭ᠎ᠠ ᠪᠢᠴᠢᠭ
ᠡᠨᠡ ᠯᠡ ᠮᠣᠩᠭᠣᠯ ᠤ᠋ᠨ ᠢᠵᠠᠭᠤᠷ ᠬᠡᠯᠡᠨ ᠳ᠋ᠦ᠍
ᠡᠪ ᠦ᠋ᠨ ᠭᠠᠩᠨᠠᠭᠠᠰᠤ ᠰᠢᠭ᠋ ᠡᠪᠴᠡᠵᠦ ᠲᠠᠭᠠᠴᠠᠭᠰᠠᠨ ᠮᠣᠩᠭᠣᠯ ᠪᠢᠴᠢᠭ
ᠲᠦᠮᠡᠨ ᠭᠠᠰᠠᠯᠠᠩ ᠤ᠋ᠨ ᠳᠤᠮᠳᠠ ᠠ᠋ᠴᠠ ᠰᠢᠵᠠᠭᠤᠷ ᠵᠠᠭᠤᠨ ᠥᠨᠳᠡᠢᠬᠦ
ᠲᠡᠭᠦᠯᠳᠡᠷ ᠮᠣᠩᠭᠣᠯ ᠤ᠋ᠨ ᠪᠣᠰᠤᠭ᠎ᠠ ᠬᠡᠢᠮᠣᠷᠢ ᠨᠢ ᠪᠣᠯᠵᠤ ᠲᠤᠯᠤᠭᠰᠠᠨ ᠶᠤᠮ᠃
ᠪᠤᠳᠠᠩᠲᠤ ᠠᠯᠤᠰ ᠤ᠋ᠨ ᠰᠦᠮᠡᠯᠵᠡᠬᠦ ᠲᠡᠳᠦᠢ ᠢᠷᠡᠭᠡᠳᠦᠢ ᠳ᠋ᠦ᠍ ᠴᠦ᠍
ᠪᠤᠷᠬᠠᠨ ᠤ᠋ ᠲᠢᠭ ᠰᠢᠭ ᠲᠣᠳᠣᠷ᠎ᠠ ᠳᠤᠷᠠᠢᠬᠤ ᠤᠴᠢᠷᠲᠠᠢ ᠶᠤᠮ᠃
ᠣᠶᠤᠨᠲᠤ ᠳᠡᠯᠡᠬᠡᠢ ᠶᠢᠨ ᠡᠷᠳᠡᠮ ᠦ᠋ᠨ ᠭᠡᠭᠡ ᠬᠡᠪᠲᠡᠵᠦ ᠮᠥᠯᠬᠥᠨ ᠰᠠᠴᠤᠷᠠᠵᠤ ᠪᠠᠢᠬᠤ ᠳ᠋ᠤ᠌
ᠣᠷᠴᠢᠯᠠᠩ ᠤ᠋ᠨ ᠶᠠᠪᠤᠳᠠᠯ ᠢ ᠳᠡᠭᠡᠷ᠎ᠡ ᠡᠴᠡ ᠨᠢ ᠲᠣᠯᠢᠳᠠᠬᠤ ᠭᠡᠰᠡᠨ ᠰᠢᠭ
ᠴᠣᠷ ᠭᠠᠭᠴᠠᠭᠠᠷ ᠢ᠋ᠶ᠋ᠠᠨ ᠵᠣᠭᠰᠣᠵᠤ ᠦᠯᠡᠳᠡᠭᠰᠡᠨ ᠪᠣᠰᠤᠭ᠎ᠠ ᠪᠢᠴᠢᠭ
ᠵᠠᠭᠤᠨ ᠵᠠᠭᠤᠨ ᠨᠢ ᠥᠷᠲᠡᠭᠡᠯᠡᠭᠰᠡᠨ ᠲᠠᠯ᠎ᠠ ᠶᠢᠨ ᠬᠥᠬᠡ ᠰᠠᠯᠬᠢ ᠨᠢ
ᠵᠤᠯᠵᠠᠭᠠᠨ ᠡᠪᠡᠰᠦᠨ ᠦ᠌ ᠦᠵᠦᠭᠦᠷ ᠢᠮᠡᠷᠦᠨ ᠢᠮᠡᠷᠦᠨ ᠳᠣᠮᠣᠭ ᠬᠦᠦᠷᠨᠢᠬᠦ ᠰᠢᠭ
ᠵᠤᠷᠪᠤᠰ ᠴᠠᠭᠠᠨ ᠲᠤᠶᠠᠭᠠᠨ ᠳ᠋ᠤ᠌ ᠲᠩᠷᠢ ᠶᠢᠨ ᠬᠡᠭᠡᠯ ᠳ᠋ᠦ᠍ ᠪᠦᠷᠢᠯᠳᠦᠭᠰᠡᠨ ᠵᠠᠶᠠᠭ᠎ᠠ
ᠪᠤᠶᠠᠨᠲᠤ ᠡᠪᠦᠭᠡ ᠳᠡᠭᠡᠳᠦᠰ ᠦ᠋ᠨ ᠮᠢᠨᠢ ᠲᠠᠰᠤᠷᠠᠬᠤ ᠤᠴᠢᠷ ᠦᠭᠡᠢ ᠦᠷᠭᠦᠯᠵᠢᠯᠡᠯ
ᠬᠥᠬᠡ ᠲᠣᠯᠪᠣᠲᠤ ᠮᠣᠩᠭᠣᠯ ᠬᠥᠮᠦᠨ ᠳ᠋ᠦ᠍
ᠤᠬᠠᠭᠠᠷᠠᠯ ᠢ ᠤᠶᠠᠷᠠᠯ ᠢ ᠠᠭᠤᠴᠢᠯᠠᠯ ᠢ
ᠰᠢᠪᠡᠨᠡᠨ ᠰᠢᠪᠡᠨᠡᠨ ᠥᠭᠡᠯᠡᠬᠦ ᠬᠢᠷᠢ ᠨᠢ
ᠬᠠᠳᠬᠤᠯᠳᠤᠬᠤ ᠳᠠᠢᠰᠤᠨ ᠴᠢᠨᠢ
ᠬᠠᠷᠢ ᠳ᠋ᠤ᠌ ᠪᠣᠢ ᠶ᠋ᠢ ᠰᠠᠨᠠᠭᠤᠯᠤᠨ ᠬᠡᠯᠡᠬᠦ
ᠬᠠᠷᠠᠭᠤᠯ ᠤ᠋ᠨ ᠴᠡᠷᠢᠭ ᠮᠡᠲᠦ ᠨᠢᠳᠦ ᠴᠠᠪᠴᠢᠯ ᠦᠭᠡᠢ ᠨᠢᠷᠤᠭᠤ ᠴᠡᠬᠡ ᠵᠣᠭᠰᠣᠨ
ᠭᠡᠵᠢᠭᠡ ᠪᠡᠨ ᠬᠡᠢᠰᠬᠡᠵᠦ ᠭᠡᠳᠡᠰᠦ ᠪᠡᠨ ᠲᠦᠷᠢᠵᠦ
ᠰᠢᠳᠦ ᠪᠡᠨ ᠵᠢᠭᠤᠵᠤ ᠰᠢᠯᠪᠢ ᠪᠡᠨ ᠲᠠᠰᠤᠷᠠᠲᠠᠯ᠎ᠠ ᠵᠢᠭᠢᠵᠦ
ᠰᠦᠯᠳᠡ ᠬᠡᠢᠮᠣᠷᠢ ᠪᠦᠬᠦᠨ ᠢ᠋ᠶ᠋ᠡᠷ ᠢ᠋ᠶ᠋ᠡᠨ ᠮᠣᠩᠭᠣᠯ ᠢ᠋ᠶ᠋ᠠᠨ ᠲᠤᠯᠤᠭᠰᠠᠨ ᠪᠣᠰᠤᠭ᠎ᠠ ᠪᠢᠴᠢᠭ
ᠲᠢᠲᠢᠮ ᠡᠴᠡ ᠰᠡᠭᠦᠯ ᠬᠦᠷᠲᠡᠯ᠎ᠡ ᠦᠶ᠎ᠡ ᠬᠣᠯᠪᠣᠨ ᠦᠭᠡ ᠪᠦᠲᠦᠭᠡᠵᠦ
ᠬᠠᠭᠠᠳ ᠠ᠋ᠴᠠ ᠬᠠᠷᠠᠴᠤ ᠣᠯᠠᠨ ᠨᠢ ᠬᠦᠷᠲᠡᠯ᠎ᠡ
ᠦᠰᠦᠭ ᠬᠣᠯᠪᠣᠭᠤᠯᠤᠨ ᠦᠶ᠎ᠡ ᠳᠠᠮᠵᠢᠨ ᠤᠩᠰᠢᠭᠳᠠᠭᠰᠠᠨ
ᠨᠠᠷᠠᠨ ᠤ᠋ ᠰᠠᠴᠤᠷᠠᠭ ᠮᠡᠲᠦ ᠪᠣᠮᠠᠨ ᠰᠠᠴᠤᠷᠠᠭ ᠵᠦᠭ ᠲᠦ᠍ ᠪᠡᠨ ᠳᠣᠣᠷ᠎ᠠ ᠳᠡᠯᠭᠡᠷᠡᠭᠰᠡᠨ
ᠨᠠᠵᠢᠳ ᠮᠤᠩᠬᠠᠭ ᠤ᠋ᠨ ᠬᠠᠷᠠᠩᠭᠤᠢ ᠶ᠋ᠢ ᠭᠡᠷᠡᠯᠲᠦᠭᠦᠯᠦᠨ ᠭᠡᠢᠭᠦᠯᠦᠭᠰᠡᠨ
ᠲᠡᠭᠦᠨ ᠦ᠌ ᠳᠣᠣᠷ᠎ᠠ ᠲᠦᠮᠡᠨ ᠠᠭᠲᠠᠨ ᠤ᠋ ᠲᠣᠭᠣᠰᠣᠨ ᠳ᠋ᠤ᠌ ᠤᠤᠬᠠᠢ ᠶᠠᠭᠤ ᠪᠠᠨ ᠬᠠᠳᠠᠭᠠᠭᠰᠠᠨ
ᠮᠣᠷᠢᠲᠠᠨ ᠮᠣᠩᠭᠣᠯ ᠤ᠋ᠨ ᠬᠡᠢᠮᠣᠷᠢ ᠰᠢᠭ᠃
ᠲᠡᠭᠦᠯᠳᠡᠷ ᠣᠷᠴᠢᠯᠠᠩ ᠤ᠋ᠨ ᠡᠯᠢᠭᠡᠨ ᠳᠡᠭᠡᠷ᠎ᠡ ᠬᠡᠪᠲᠡᠵᠦ
ᠮᠥᠯᠬᠥᠬᠦ ᠤᠴᠢᠷ ᠦᠭᠡᠢ ᠪᠣᠰᠤᠭ᠎ᠠ ᠪᠢᠴᠢᠭ ᠮᠢᠨᠦ᠃ ᠮᠣᠩᠭᠣᠯ ᠪᠢᠴᠢᠭ ᠮᠢᠨᠦ᠃
ᠬᠢᠨᠠᠭᠴᠢ᠄ ᠲᠣᠳᠣᠭᠡᠷᠡᠯ
