2023 ᠣᠨ ‍ᠤ ᠰᠢᠨ᠎ᠡ ᠵᠢᠯ ‍ᠦᠨ ᠮᠡᠨᠳᠦᠴᠢᠯᠡᠭᠡ 2023 Оны шинэ жилийн мэндчилгээ ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. 2023 ᠣᠨ ‍ᠤ ᠰᠢᠨ᠎ᠡ ᠵᠢᠯ ‍ᠦᠨ ᠮᠡᠨᠳᠦᠴᠢᠯᠡᠭᠡ 2023 Оны шинэ жилийн мэндчилгээ

2023 ᠣᠨ ‍ᠤ ᠰᠢᠨ᠎ᠡ ᠵᠢᠯ ‍ᠦᠨ ᠮᠡᠨᠳᠦᠴᠢᠯᠡᠭᠡ 2023 Оны шинэ жилийн мэндчилгээ

ᠠᠩᠭᠢᠯᠠᠯ:ᠵᠠᠩ ᠦᠢᠯᠡ
2023-01-01

308

2023 ᠣᠨ ‍ᠤ ᠰᠢᠨ᠎ᠡ ᠵᠢᠯ ‍ᠦᠨ ᠮᠡᠨᠳᠦᠴᠢᠯᠡᠭᠡ


 2023 ᠣᠨ
 ᠰᠢᠨ᠎ᠡ ᠣᠨ ᠰᠢᠨ᠎ᠡ ᠵᠢᠯ ᠢᠷᠡᠯ᠎ᠡ
 ᠰᠢᠨ᠎ᠡ ᠣᠨ ᠠᠶ᠋ᠢᠯᠴᠢᠯᠠᠨ ᠢᠷᠡᠬᠦ ‍ᠳᠦ ᠎ᠪᠡᠨ
 ᠰᠢᠨᠡᠯᠢᠭ ᠪᠦᠬᠦᠨ ‍ᠢ ᠰᠢᠨᠵᠢᠵᠦ
 ᠰᠢᠯᠢᠳᠡᠭ ᠪᠦᠬᠦᠨ ‍ᠢ ᠰᠤᠩᠭᠤᠵᠤ
 ᠥᠭᠡᠷᠡᠴᠢᠯᠡᠯᠳᠡ ᠪᠦᠬᠦᠨ ‍ᠢᠶ᠋ᠡᠷ ᠭᠤᠶᠤᠵᠤ
 ᠥᠭᠯᠢᠭᠡ ᠬᠡᠰᠢᠭ ‍ᠢᠶ᠋ᠡᠨ ᠡᠪᠦᠷᠳᠦᠯᠡᠭᠰᠡᠨ
 ᠦᠭᠭᠢᠶᠡᠮᠦᠷ ᠰᠠᠶ᠋ᠢᠬᠠᠨ ᠰᠢᠨ᠎ᠡ ᠵᠢᠯ ᠢᠷᠡᠯ᠎ᠡ
 ᠢᠲᠡᠭᠡᠯ ᠪᠦᠬᠦᠨ ᠵᠤᠭᠰᠤᠵᠤ  ᠪᠠᠶ᠋ᠢᠬ
 ᠰᠡᠳᠬᠢᠯ ᠪᠦᠬᠦᠨ ᠴᠠᠯᠭᠢᠵᠤ  ᠪᠠᠶ᠋ᠢᠬ
 ᠬᠠᠶ᠋ᠢᠷ᠎ᠠ ᠪᠦᠬᠦᠨ ᠬᠠᠯᠭᠢᠵᠤ  ᠪᠠᠶ᠋ᠢᠬ
 ᠬᠦᠴᠦ ᠪᠦᠬᠦᠨ ᠣᠷᠭᠢᠯᠵᠤ  ᠪᠠᠶ᠋ᠢᠬ
 ᠰᠠᠨᠠᠭ᠎ᠠ ᠪᠦᠬᠦᠨ ᠰᠢᠨ᠎ᠡ ᠪᠠᠶ᠋ᠢᠬ
 ᠰᠤᠩᠭᠤᠯᠳᠠ ᠪᠦᠬᠦᠨ ᠰᠢᠯᠢᠳᠡᠭ ᠪᠠᠶ᠋ᠢᠬ
 ᠦᠨᠡᠨ ᠪᠦᠬᠦᠨ ᠴᠢᠨᠠᠷ ᠪᠠᠶ᠋ᠢᠬ
 ᠥᠭᠡᠷᠡᠴᠢᠯᠡᠯᠳᠡ ᠪᠦᠬᠦᠨ ᠬᠥᠭᠵᠢᠯ ᠪᠠᠶ᠋ᠢᠬ
 ᠥᠭᠯᠢᠭᠡ ᠪᠦᠬᠦᠨ ᠰᠡᠳᠬᠢᠯ ᠪᠠᠶ᠋ᠢᠬ
 ᠥᠷᠦᠭᠡᠯ ᠬᠦᠮᠦᠨ ᠬᠦᠴᠦ ᠪᠠᠶ᠋ᠢᠬ
 ᠵᠣᠷᠢᠯᠭ᠎ᠠ ᠪᠦᠬᠦᠨ ᠲᠤᠮᠤ ᠪᠠᠶ᠋ᠢᠬ
 ᠵᠥᠭ ᠪᠦᠬᠦᠨ ᠲᠣᠳᠣ ᠪᠠᠶ᠋ᠢᠬ
 ᠵᠤᠷᠢᠬ ᠪᠦᠬᠦᠨ ᠳᠠᠭ᠎ᠠ ᠪᠠᠶ᠋ᠢᠬ
 ᠵᠢᠳᠬᠥᠯ ᠪᠦᠬᠦᠨ ᠪᠠᠷᠢᠶ᠎ᠠ ᠪᠠᠶ᠋ᠢᠬ
 ᠪᠢᠯᠢᠭ ᠪᠦᠬᠦᠨ ᠬᠤᠷᠴᠠ ᠪᠠᠶ᠋ᠢᠬ
 ᠪᠣᠳᠣᠯ ᠪᠦᠬᠦᠨ ᠨᠢᠬᠳᠠ ᠪᠠᠶ᠋ᠢᠬ
 ᠪᠤᠶᠠᠨ ᠪᠦᠬᠦᠨ ᠠᠷᠢᠭᠤᠨ ᠪᠠᠶ᠋ᠢᠬ
 ᠪᠡᠷᠬᠡ ᠪᠦᠬᠦᠨ ᠨᠢᠮᠬᠡᠨ ᠪᠠᠶ᠋ᠢᠬ
 ᠤᠷᠬᠠᠭ ᠪᠦᠬᠦᠨ ᠬᠤᠯᠠ ᠪᠠᠶ᠋ᠢᠬ
 ᠤᠷᠠᠨ ᠪᠦᠬᠦᠨ ᠣᠶ᠋ᠢᠷ᠎ᠠ ᠪᠠᠶ᠋ᠢᠬ
 ᠶᠣᠰᠤ ᠪᠦᠬᠦᠨ ᠬᠥᠮᠦᠵᠢᠯ ᠪᠠᠶ᠋ᠢᠬ
 ᠶᠥᠭᠡ ᠪᠦᠬᠦᠨ ᠵᠠᠰᠠᠯ ᠪᠠᠶ᠋ᠢᠬ
 ᠶᠠᠪᠤᠳᠠᠯ ᠪᠦᠬᠦᠨ ᠲᠡᠭᠰᠢ ᠪᠠᠶ᠋ᠢᠬ
 ᠶᠠᠷᠢᠶ᠎ᠠ ᠪᠦᠬᠦᠨ ᠴᠡᠭᠴᠡ ᠪᠠᠶ᠋ᠢᠬ
 ᠠᠵᠢᠬᠯᠠᠯᠲᠠ ᠪᠦᠬᠦᠨ ᠮᠡᠳᠡᠷᠡᠮᠵᠢ ᠪᠠᠶ᠋ᠢᠬ
 ᠠᠩᠵᠠᠭᠠᠷᠠᠭ ᠪᠦᠬᠦᠨ ᠴᠢᠳᠠᠮᠵᠢ ᠪᠠᠶ᠋ᠢᠬ
 ᠠᠲᠠᠭ᠎ᠠ ᠪᠦᠬᠦᠨ ᠰᠡᠬᠡᠭᠡᠷᠡᠯ ᠪᠠᠶ᠋ᠢᠬ
 ᠠᠯᠳᠠᠭ᠎ᠠ ᠪᠦᠬᠦᠨ ᠰᠡᠷᠡᠯᠲᠡ ᠪᠠᠶ᠋ᠢᠬ
 ᠠᠮᠵᠢᠯᠳᠠ ᠪᠦᠬᠦᠨ ᠰᠣᠷᠢᠯᠳᠠ ᠪᠠᠶ᠋ᠢᠬ
 ᠠᠪᠢᠶᠠᠰ ᠪᠦᠬᠦᠨ ᠳᠠᠭᠠᠭᠠᠯᠭᠠᠪᠤᠷᠢ ᠪᠠᠶ᠋ᠢᠬ
 ᠬᠥᠮᠦᠨ ᠪᠦᠬᠦᠨ ᠤᠬᠠᠮᠰᠠᠷ ᠎ᠲᠠᠢ ᠪᠠᠶ᠋ᠢᠬ
 ᠬᠦᠰᠡᠯ ᠪᠦᠬᠦᠨ ᠤᠳᠬ᠎ᠡ ᠎ᠲᠡᠢ ᠪᠠᠶ᠋ᠢᠬ
 ᠬᠦᠭᠵᠢᠯ ᠪᠦᠬᠦᠨ ᠬᠦᠭ ᠲᠠᠢ ᠪᠠᠶ᠋ᠢᠬ
 ᠬᠠᠶ᠋ᠢᠷ᠎ᠠ ᠪᠦᠬᠦᠨ ᠵᠢᠷᠭᠠᠯ ᠎ᠲᠠᠢ ᠪᠠᠶ᠋ᠢᠬ
 ᠡᠭᠦᠷᠭᠡ ᠪᠦᠬᠦᠨ ᠬᠠᠷᠢᠭᠤᠴᠠᠯᠭ᠎ᠠ ᠎ ᠪᠠᠶ᠋ᠢᠬ
 ᠦᠷᠢᠰᠦᠯᠲᠡ ᠪᠦᠬᠦᠨ ᠬᠠᠳᠠᠭᠤᠵᠢᠯ ᠪᠠᠶ᠋ᠢᠬ
 ᠴᠢᠨᠠᠷ ᠪᠦᠬᠦᠨ ᠴᠢᠳᠠᠮᠵᠢ ᠪᠠᠶ᠋ᠢᠬ
 ᠴᠢᠨᠰᠠᠭ᠎ᠠ ᠪᠦᠬᠦᠨ ᠥᠨᠡᠯᠡᠮᠵᠢ ᠪᠠᠶ᠋ᠢᠬ
 ᠢᠯᠠᠯᠳᠠ ᠪᠦᠬᠦᠨ ᠤᠤᠬᠠᠢ ᠪᠠᠶ᠋ᠢᠬ
 ᠢᠷᠦᠭᠡᠯ ᠪᠦᠬᠦᠨ ᠬᠤᠷᠤᠢ ᠪᠠᠶ᠋ᠢᠬ
 ᠠᠶ᠋ᠢᠯᠴᠢᠯᠠᠨ ᠢᠷᠡᠵᠤ ᠪᠤᠢ
 2023 ᠣᠨ
 ᠠᠮᠵᠢᠯᠳᠠ ᠪᠦᠬᠦᠨ ‍ᠢ ᠡᠪᠦᠷᠳᠦᠯᠡᠨ
 ᠢᠯᠠᠯᠳᠠ ᠪᠦᠬᠦᠨ ‍ᠢ ᠳᠡᠪᠡᠷᠢᠨ
 ᠬᠠᠶ᠋ᠢᠷ᠎ᠠ ᠪᠦᠬᠦᠨ ‍ᠢ ᠲᠡᠭᠡᠭᠡᠵᠤ
 ᠬᠦᠰᠡᠯ ᠪᠦᠬᠦᠨ ‍ᠢ ᠬᠦᠳᠦᠯᠵᠤ
 ᠬᠦᠷᠡᠩ ᠵᠢᠷᠦᠬᠡ ‍ᠶ᠋ᠢ ᠲᠠᠨᠢ ᠬᠦᠭᠯᠡᠵᠤ
 ᠬᠦᠴᠦ ᠬᠡᠶ᠋ᠢᠮᠣᠷᠢ ‍ᠶ᠋ᠢ ᠲᠠᠨᠢ ᠡᠷᠭᠦᠭᠡᠳ ᠢᠷᠡᠯ᠎ᠡ
 ᠬᠦᠭ ᠬᠡᠮᠨᠡᠯ ‍ᠢᠶ᠋ᠡᠨ ᠲᠠᠭᠠᠷᠠᠭᠤᠯᠤᠭᠠᠷᠠᠢ
 ᠬᠡᠮ ᠲᠥᠪᠰᠢᠨ ‍ᠢᠶ᠋ᠡᠨ ᠡᠷᠭᠦᠭᠡᠷᠡᠢ
 ᠬᠥᠯᠢᠶᠡᠭᠰᠡᠨ ᠪᠦᠬᠦᠨ ‍ᠢᠶ᠋ᠡᠨ ᠬᠦᠷᠲᠡᠭᠡᠷᠡᠢ
 ᠬᠠᠶ᠋ᠢᠷ᠎ᠠ ᠡᠨᠡᠷᠢᠯ ‍ᠢᠶ᠋ᠡᠨ ᠳᠡᠯᠭᠡᠭᠡᠷᠡᠢ
 ᠬᠠᠮᠤᠭ ᠠ᠋ᠴᠠ ᠲᠣᠳᠣ ᠭᠡᠷᠡᠯᠳᠦᠭᠡᠷᠡᠢ
 ᠲᠠ ᠪᠦᠬᠦᠨ ‍ᠳᠦ ᠎ᠪᠡᠨ ᠰᠢᠨ᠎ᠡ ᠣᠨ ‍ᠤ ᠮᠡᠨᠳᠦ ᠬᠦᠷᠭᠡᠶ᠎ᠡ