ᠠᠯᠤᠰ ‍ᠤᠨ ᠠᠨᠢᠷ-ᠣ ᠣᠳᠣᠨᠴᠢᠮᠡᠭАлсын анир-о одончимэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠤᠰ ‍ᠤᠨ ᠠᠨᠢᠷ-ᠣ ᠣᠳᠣᠨᠴᠢᠮᠡᠭАлсын анир-о одончимэг

ᠠᠯᠤᠰ ‍ᠤᠨ ᠠᠨᠢᠷ-ᠣ ᠣᠳᠣᠨᠴᠢᠮᠡᠭАлсын анир-о одончимэг

ᠠᠩᠭᠢᠯᠠᠯ:ᠳᠠᠭᠤᠤ ᠬᠥᠭᠵᠢᠮ
2022-12-30

379

ᠠᠯᠤᠰ ‍ᠤᠨ ᠠᠨᠢᠷ

   ᠣ᠂ ᠣᠳᠣᠨᠴᠢᠮᠡᠭ ᠳᠠᠭᠤᠯᠠᠪᠠ
ᠵᠡᠭᠦᠨ ᠴᠢᠬᠢᠨ  ᠳᠤ  ᠪᠠᠨ ᠵᠡᠭᠦᠭᠰᠡᠨ

ᠥᠯᠵᠡᠢ ᠤᠳᠠᠰᠤᠨ ᠡᠭᠡᠮᠦᠭ ᠨᠢ ᠬᠦ᠋

ᠵᠡᠭᠦᠰᠭᠡᠯ ᠭᠣᠶᠣᠯ ‍ᠢᠶ᠋ᠠᠷ ᠤᠨᠵᠢᠢᠨ

ᠡᠭᠡᠮ ‍ᠢ ᠮᠢᠨᠢ ᠲᠠᠭᠠᠨ ᠤᠷᠤᠰᠤᠨ᠎ᠠ ᠂

ᠵᠡᠭᠦᠳᠦᠯᠡᠵᠦ ᠰᠠᠨᠠᠭᠰᠠᠨ ᠡᠩᠬᠦᠷᠡᠶ᠋ᠢᠬᠡᠨ

ᠠᠮᠠᠷᠠᠭ ‍ᠤᠨ ᠮᠢᠨᠢ ᠰᠤᠷᠠᠭ ᠨᠢ

ᠵᠢᠷᠦᠬᠡ ᠰᠡᠳᠬᠢᠯ ‍ᠢ ᠮᠢᠨᠢ 

ᠭᠡᠭᠡᠯᠵᠡᠭᠦᠯᠦᠨ ᠠᠨᠢᠷᠲᠤᠨ ᠢᠷᠡᠨ᠎ᠡ
ᠢᠯᠳᠠᠮᠬᠠᠨ ᠴᠢᠨᠤᠬᠢ ᠎ᠪᠠᠨ

ᠲᠦᠯᠭᠡᠬᠡᠨ ᠬᠠᠷᠠᠴᠠᠨ ‍ᠳᠤ ᠴᠢᠨᠢ

ᠢᠷᠠᠭᠤᠰᠠᠨ ᠲᠠᠭᠤᠯᠠᠨ ᠠᠭᠤᠰᠤᠨ᠎ᠠ ᠠᠮᠠᠷᠠᠭ ᠮᠢᠨᠢ


ᠵᠡᠭᠦᠨ ᠭᠠᠷ᠎ ᠲᠤ᠌᠎ ᠪᠠᠨ ᠵᠡᠭᠦᠭᠰᠡᠨ

ᠬᠠᠳᠤᠨ ᠱ᠌ᠢᠷᠦᠨ ᠪᠥᠭᠡᠵᠢ ᠨᠢ ᠬᠦ᠋

ᠵᠡᠭᠦᠰᠭᠡᠯ ᠭᠣᠶᠣᠯ ‍ᠢᠶ᠋ᠠᠷ ᠭᠡᠷᠡᠯᠳᠦᠨ

ᠬᠤᠷᠤᠭᠤ ‍ᠶ᠋ᠢ ᠮᠢᠨᠢ ᠴᠢᠮᠡᠨ ᠭᠢᠯᠠᠯᠵᠠᠨ᠎ᠠ
ᠵᠦᠩᠴᠢᠯᠡᠵᠤ ᠬᠦᠯᠢᠶᠡᠭᠰᠡᠨ ᠡᠩᠬᠦᠷᠡᠶ᠋ᠢᠬᠡᠨ

ᠠᠮᠠᠷᠠᠭ ‍ᠤᠨ ᠮᠢᠨᠢ ᠰᠤᠷᠠᠭ ᠨᠢ

ᠵᠡᠭᠦᠳᠦ ᠮᠥᠷᠥᠭᠡᠳᠦᠯ ‍ᠢ ᠮᠢᠨᠢ ᠲᠠᠮᠨᠠᠭᠠᠳ ᠠᠨᠢᠷᠲᠤᠨ ᠢᠷᠡᠨ᠎ᠡ
ᠢᠯᠳᠠᠮᠬᠠᠨ ᠴᠢᠨᠤᠬᠢ ᠎ᠪᠠᠨ

ᠲᠦᠯᠭᠡᠬᠡᠨ ᠬᠠᠷᠠᠴᠠᠨ ‍ᠳᠤ ᠴᠢᠨᠢ

ᠢᠷᠠᠭᠤᠰᠠᠨ ᠲᠠᠭᠤᠯᠠᠨ ᠠᠭᠤᠰᠤᠨ᠎ᠠ ᠠᠮᠠᠷᠠᠭ ᠮᠢᠨᠢ


ᠵᠡᠭᠦᠨ ᠪᠠᠭᠤᠤ ᠳᠤ  ᠪᠠᠨ ᠵᠡᠭᠦᠭᠰᠡᠨ

ᠡᠷᠳᠡᠨᠢ ‍ᠶ᠋ᠢᠨ ᠰᠢᠭᠢᠤᠠᠭᠡᠭᠡᠲᠦ ᠪᠠᠭᠤᠪᠴᠢ ᠨᠢ

ᠵᠡᠭᠦᠰᠭᠡᠯ ᠭᠣᠶᠣᠯ ‍ᠢᠶ᠋ᠠᠷ ᠰᠣᠯᠣᠩᠭᠠᠷᠠᠨ

ᠨᠠᠮ᠎ᠠ  ᠶᠢ ᠎ᠪᠠᠨ ᠴᠢᠮᠡᠨ ᠭᠡᠷᠡᠯᠲᠦᠨ᠎ᠡ

ᠭᠡᠭᠡᠯᠵᠡᠨ ᠬᠦᠯᠢᠶᠡᠭᠰᠡᠨ ᠡᠩᠬᠦᠷᠡᠶ᠋ᠢᠬᠡᠨ

ᠠᠮᠠᠷᠠᠭ ‍ᠤᠨ ᠮᠢᠨᠢ ᠰᠤᠷᠠᠭ ᠨᠢ

ᠭᠡᠨᠡᠨ ᠵᠡᠭᠦᠳᠦ ‍ᠶ᠋ᠢ ᠮᠢᠨᠢ ᠲᠠᠮᠨᠠᠭᠠᠳ ᠠᠨᠢᠷᠲᠤᠨ ᠢᠷᠡᠨ᠎ᠡ
ᠢᠯᠳᠠᠮᠬᠠᠨ ᠴᠢᠨᠤᠬᠢ ᠎ᠪᠠᠨ ᠲᠦᠯᠭᠡᠬᠡᠨ ᠬᠠᠷᠠᠴᠠᠨ ‍ᠳᠤ ᠴᠢᠨᠢ
ᠢᠷᠠᠭᠤᠰᠠᠨ ᠲᠠᠭᠤᠯᠠᠨ ᠠᠭᠤᠰᠤᠨ᠎ᠠ ᠠᠮᠠᠷᠠᠭ ᠮᠢᠨᠢ