ᠬᠠᠢᠷ᠎ᠠ ᠳᠠᠭᠠᠭᠠᠵᠤ ᠠᠮᠢᠳᠤᠷᠠᠬᠤ ᠬᠣᠷᠸ᠎ᠠ- ᠲᠦᠳᠤᠪᠳᠣᠷᠵᠢХайяр дааж амьдарах хорво-түдэвтэрж ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠢᠷ᠎ᠠ ᠳᠠᠭᠠᠭᠠᠵᠤ ᠠᠮᠢᠳᠤᠷᠠᠬᠤ ᠬᠣᠷᠸ᠎ᠠ- ᠲᠦᠳᠤᠪᠳᠣᠷᠵᠢХайяр дааж амьдарах хорво-түдэвтэрж

ᠬᠠᠢᠷ᠎ᠠ ᠳᠠᠭᠠᠭᠠᠵᠤ ᠠᠮᠢᠳᠤᠷᠠᠬᠤ ᠬᠣᠷᠸ᠎ᠠ- ᠲᠦᠳᠤᠪᠳᠣᠷᠵᠢХайяр дааж амьдарах хорво-түдэвтэрж

ᠠᠩᠭᠢᠯᠠᠯ:ᠳᠠᠭᠤᠤ ᠬᠥᠭᠵᠢᠮ
2022-12-29

830

ᠬᠠᠢᠷ᠎ᠠ ᠳᠠᠭᠠᠭᠠᠵᠤ ᠠᠮᠢᠳᠤᠷᠠᠬᠤ ᠬᠣᠷᠸ᠎ᠠ


 ᠦᠬᠡ ᠄ ᠯ ᠳᠠᠭᠸᠠᠳᠣᠷᠵᠢ 
 ᠠᠶ᠎ᠠ ᠄ ᠶᠣ᠋ ᠰᠦᠬᠡᠪᠠᠭᠠᠲᠤᠷ 
 ᠳᠠᠭᠤᠴᠢᠨ ᠄ ᠲᠦᠳᠤᠪᠳᠣᠷᠵᠢ 
ᠦᠢᠯᠡ ᠶ᠋ᠢᠨ ᠬᠠᠢᠴᠢ ᠪᠠᠷ ᠭᠠᠯ ‍ᠢᠶ᠋ᠠᠨ ᠰᠢᠯᠡᠭᠡᠪᠦᠷᠳᠡᠭᠡ ᠦᠭᠡᠢ ᠡᠵᠢ ᠮᠢᠨᠢ ᠡ 
ᠬᠢᠲᠤᠭ᠎ᠠ ᠪᠠᠨ ᠪᠠᠭᠤᠯᠭᠠᠯ ᠦᠭᠡᠢ ᠪᠡᠷ ᠠᠢᠯ ᠳ᠋ᠤ᠌ ᠣᠷᠣᠭ᠎ᠠ ᠦᠭᠡᠢ ᠠᠪᠤ ᠮᠢᠨᠢ ᠡ 
ᠦᠶ᠎ᠡ ᠵᠠᠢ ᠦᠭᠡᠢ ᠠᠮᠢᠨ ᠵᠢᠷᠦᠬᠡᠨ ᠦ᠌ ᠬᠠᠢᠷᠠᠲᠠᠢ ᠬᠠᠨᠢ ᠶ᠋ᠢᠨ ᠵᠠᠶᠠᠭᠠᠨ ᠳ᠋ᠤ᠌ ᠪᠠᠨ 
ᠬᠡᠨ ᠨᠢ ᠴᠦ᠍ ᠬᠡᠨ ᠢ᠋ ᠪᠡᠨ ᠴᠢ ᠭᠡᠵᠦ ᠳᠠᠭᠤᠳᠠᠭ᠎ᠠ ᠦᠭᠡᠢ ᠵᠢᠷᠭᠠᠯ 
ᠬᠦᠰᠡᠯ ᠤᠴᠠᠷᠠᠯ ᠤ᠋ᠨ ᠰᠠᠢᠬᠠᠨ ᠬᠣᠷᠸ᠎ᠠ ᠳ᠋ᠤ᠌ 
ᠬᠠᠢᠷ᠎ᠠ ᠳᠠᠭᠠᠭᠠᠵᠤ ᠠᠮᠢᠳᠤᠷᠠᠬᠤ ᠶ᠋ᠢᠨ ᠤᠴᠢᠷ ᠡᠨᠡ ᠳ᠋ᠡ
ᠬᠤᠪᠢᠩ ᠳᠦᠭᠦᠷᠡᠩ ᠰᠦ᠋ ᠪᠡᠨ ᠴᠠᠯᠭᠢᠭᠤᠯᠤᠭ᠎ᠠ ᠨᠢ ᠦᠭᠡᠢ ᠡᠵᠢ ᠮᠢᠨᠢ ᠳ᠋ᠡ
ᠲᠦᠮᠡᠨ ᠬᠦᠯᠦᠭ ᠦ᠋ᠨ ‍ᠢᠶ᠋ᠡᠨ ᠤᠷᠭ᠎ᠠ ᠶ᠋ᠢ ᠭᠢᠰᠬᠢᠭᠡ ᠨᠢ ᠦᠭᠡᠢ ᠠᠪᠤ ᠮᠢᠨᠢ ᠳ᠋ᠠ
ᠳᠥᠴᠢ ᠡᠷᠭᠢᠮ᠎ᠡ ᠨᠠᠰᠤᠨ ᠳ᠋ᠤ᠌ ᠪᠠᠨ ᠤᠬᠠᠭᠠᠷᠠᠯ ᠤ᠋ᠨ ᠡᠭᠦᠳᠡ ᠶ᠋ᠢ ᠨᠡᠭᠡᠭᠡᠭᠡᠳ
ᠲᠥᠮᠪᠥᠭᠡᠷᠬᠡᠨ ᠶᠡᠬᠡ ᠬᠣᠷᠸ᠎ᠠ ᠳ᠋ᠠᠭᠠᠨ ᠡᠭᠦᠳᠡᠨ ᠴᠢᠨᠡᠭᠡ ᠳᠠᠰᠤᠯ᠎ᠠ ᠳ᠋ᠠ
ᠬᠦᠰᠡᠯ ᠤᠴᠠᠷᠠᠯ ᠤ᠋ᠨ ᠰᠠᠢᠬᠠᠨ ᠬᠣᠷᠸ᠎ᠠ ᠳ᠋ᠤ᠌
ᠬᠠᠢᠷ᠎ᠠ ᠳᠠᠭᠠᠭᠠᠵᠤ ᠠᠮᠢᠳᠤᠷᠠᠬᠤ ᠶ᠋ᠢᠨ ᠤᠴᠢᠷ ᠡᠨᠡ ᠳ᠋ᠡ
ᠦᠢᠯᠡᠴᠢᠨ ᠡᠮᠡᠭᠡ ᠶ᠋ᠢᠨ ‍ᠢᠶ᠋ᠡᠨ ᠤᠴᠢᠭ ᠲᠠᠢ ᠵᠡᠭᠦᠦ ᠶ᠋ᠢ ᠵᠢᠪᠡᠷᠡᠭᠦᠯᠦᠭᠡ ᠨᠢ ᠦᠭᠡᠢ ᠡᠵᠢ ᠮᠢᠨᠢ ᠳ᠋ᠡ
ᠥᠨᠳᠥᠷ ᠡᠪᠦᠭᠡ ᠶ᠋ᠢᠨ ‍ᠢᠶ᠋ᠡᠨ ᠳᠡᠭᠡᠳᠦ ᠲᠠᠯ᠎ᠠ ᠳ᠋ᠤ᠌ ᠰᠠᠭᠤᠭ᠎ᠠ ᠨᠢ ᠦᠭᠡᠢ ᠠᠪᠤ ᠮᠢᠨᠢ ᠳ᠋ᠡ
ᠰᠦ᠋ ᠨᠢ ᠰᠦ᠋ ᠪᠡᠷ ‍ᠢᠶ᠋ᠡᠨ ᠪᠠᠢᠪᠠᠯ ᠤᠬᠠᠭᠠᠷᠠᠯ ᠤ᠋ᠨ ᠦᠢᠯᠡ ᠪᠠᠢᠨ᠎ᠠ ᠤᠤ ᠳ᠋ᠠ
ᠳᠠᠭᠤᠤ ᠳᠠᠭᠤᠤ ᠪᠠᠷ ᠦᠯᠡᠳᠡᠳᠡᠭ ᠡᠴᠡ ᠤᠬᠠᠭᠠᠷᠠᠯ ᠤ᠋ᠨ ᠤᠴᠢᠭ ᠢ᠋ ᠣᠯᠤᠨ᠎ᠠ ᠳ᠋ᠠ
ᠬᠦᠰᠡᠯ ᠤᠴᠠᠷᠠᠯ ᠤ᠋ᠨ ᠰᠠᠢᠬᠠᠨ ᠬᠣᠷᠸ᠎ᠠ ᠳ᠋ᠤ᠌
ᠬᠠᠢᠷ᠎ᠠ ᠳᠠᠭᠠᠭᠠᠵᠤ ᠠᠮᠢᠳᠤᠷᠠᠬᠤ ᠶ᠋ᠢᠨ ᠤᠴᠢᠷ ᠡᠨᠡ ᠳ᠋ᠡ