ᠨᠢᠭᠡ ᠯᠡ ᠠᠭᠤᠴᠢᠯᠠᠶ᠎ᠠ - ᠵᠣᠷᠢ-ᠵᠢᠷᠭᠠᠯᠰᠠᠢᠬᠠᠨ᠂ ᠠᠷᠢᠭᠤᠨ᠎ᠠ - ᠶᠠᠭ ᠲᠡᠭᠦᠨ ᠰᠢᠭНэг л уучилъя -Зори _ Жаргалсайхан, Ариунаа - Яг түүн шиг - 2022
ᠨᠢᠭᠡ ᠯᠡ ᠠᠭᠤᠴᠢᠯᠠᠶ᠎ᠠ
ᠳᠠᠭᠤᠴᠢᠨ᠄ ᠵᠢᠷᠭᠠᠯᠰᠠᠢᠬᠠᠨ᠂ ᠠᠷᠢᠭᠤᠨ᠎ᠠ
ᠦᠷᠦ ᠵᠢᠷᠦᠬᠡᠨ ᠦ᠌ ᠰᠢᠷᠭᠢᠰᠢ ᠦᠭᠡᠢ ᠬᠠᠢᠷ᠎ᠠ ᠪᠠᠨ ᠴᠢ
ᠥᠭᠡᠷ᠎ᠡ ᠬᠡᠨ ᠳ᠋ᠦ᠍ ᠴᠦ᠍ ᠪᠢᠰᠢ ᠨᠠᠳᠠ ᠳ᠋ᠤ᠌ ᠪᠠᠨ ᠦᠭᠭᠦᠭᠰᠡᠨ ᠪᠣᠯᠬᠤ ᠪᠠᠷ
ᠪᠤᠷᠤᠭᠤ ᠪᠦᠬᠦᠨ ᠢ᠋ ᠴᠢᠨᠢ ᠪᠢ ᠬᠠᠢᠷ᠎ᠠ ᠪᠠᠷ ᠢ᠋ᠶ᠋ᠠᠨ ᠠᠷᠭᠠᠳᠠᠨ ᠪᠠᠢᠵᠤ ᠠᠭᠤᠴᠢᠯᠠᠶ᠎ᠠ
ᠪᠤᠴᠠᠭᠠᠳ ᠨᠠᠳᠠ ᠤᠷᠤᠭᠤ ᠪᠠᠨ ᠡᠭᠴᠡᠯᠡᠨ ᠬᠠᠷᠠᠭᠠᠴᠢ᠂
ᠥᠷᠥᠭᠡᠯ ᠦ᠋ᠨ ᠥᠪᠥᠷ ᠲᠦ᠍ ᠥᠩᠭᠡᠷᠡᠭᠡᠭᠰᠡᠨ ᠵᠢᠷᠭᠠᠯ ᠢ᠋ ᠴᠢᠨᠢ ᠪᠢ ᠠᠭᠤᠴᠢᠯᠠᠶ᠎ᠠ
ᠦᠨᠡᠨᠴᠢ ᠰᠡᠳᠬᠢᠯ ᠢ᠋ᠶ᠋ᠡᠨ ᠨᠠᠳᠠ ᠳ᠋ᠠᠭᠠᠨ ᠨᠡᠬᠡᠭᠡᠴᠢ
ᠴᠡᠩᠭᠡᠯ ᠳ᠋ᠦ᠍ ᠬᠦᠯᠴᠦᠷᠡᠵᠦ ᠵᠢᠷᠭᠠᠯ ᠳ᠋ᠤ᠌ ᠲᠠᠰᠢᠭᠤᠷᠠᠵᠤ ᠶᠠᠪᠤᠬᠤ ᠳ᠋ᠤ᠌ ᠮᠢᠨᠢ
ᠴᠡᠭᠡᠵᠢᠨ ᠦ᠌ ᠭᠦᠨ ᠳ᠋ᠦ᠍ ᠴᠢ ᠨᠠᠳᠠ ᠲᠠᠢ ᠪᠠᠢᠭᠰᠠᠨ
ᠪᠤᠷᠤᠭᠤ ᠪᠦᠬᠦᠨ ᠦ᠌ ᠰᠡᠭᠦᠳᠡᠷᠴᠢ ᠠᠯᠳᠠᠭᠤᠷᠠᠵᠤ ᠶᠠᠪᠤᠬᠤ ᠳ᠋ᠠᠭᠠᠨ
ᠪᠤᠯᠭᠢᠯᠠᠬᠤ ᠵᠢᠷᠦᠬᠡ ᠴᠢᠮ᠎ᠠ ᠶ᠋ᠢ ᠯᠡ ᠭᠡᠵᠦ ᠴᠣᠬᠢᠯᠠᠭᠰᠠᠨ
ᠴᠢᠨᠦ ᠬᠠᠷᠠᠴᠠ ᠳ᠋ᠤ᠌ ᠪᠢ ᠳᠠᠯᠳᠢᠷᠠᠨ ᠰᠠᠭᠤᠬᠤ ᠳ᠋ᠠᠭᠠᠨ
ᠴᠢᠩ ᠬᠠᠢᠷ᠎ᠠ ᠶ᠋ᠢ ᠴᠢᠨᠢ ᠪᠢ ᠣᠯᠵᠤ ᠮᠡᠳᠡᠷᠡᠭᠰᠡᠨ᠂
ᠪᠤᠯᠭᠢᠯᠠᠬᠤ ᠵᠢᠷᠦᠬᠡᠨ ᠦ᠌ ᠪᠡᠨ ᠭᠡᠭᠡᠨ ᠬᠠᠢᠷ᠎ᠠ ᠪᠠᠨ ᠴᠢ
ᠪᠤᠷᠬᠠᠨ ᠳ᠋ᠤ᠌ ᠴᠤ᠌ ᠪᠢᠰᠢ ᠨᠠᠳᠠ ᠳ᠋ᠠᠭᠠᠨ ᠯᠠ ᠦᠭᠭᠦᠭᠰᠡᠨ ᠪᠣᠯᠬᠤ ᠪᠠᠷ
ᠪᠦᠳᠦᠷᠢᠵᠦ ᠶᠠᠪᠤᠭᠰᠠᠨ ᠡᠳᠦᠷ ᠦ᠋ᠳ ᠢ᠋ ᠴᠢᠨᠢ ᠪᠢ ᠠᠭᠤᠴᠢᠯᠠᠶ᠎ᠠ
ᠵᠢᠷᠦᠬᠡᠨ ᠦ᠌ ᠬᠠᠢᠷ᠎ᠠ ᠪᠠᠨ ᠴᠢᠮ᠎ᠠ ᠳ᠋ᠠᠭᠠᠨ ᠵᠣᠷᠢᠭᠤᠯᠤᠶ᠎ᠠ᠂
ᠪᠦᠯᠢᠶᠡᠨ ᠵᠢᠷᠦᠬᠡᠨ ᠦ᠌ ᠴᠣᠬᠢᠯᠲᠠ ᠶ᠋ᠢᠨ ᠲᠣᠭ᠎ᠠ ᠪᠠᠷ ᠪᠢ ᠤᠴᠠᠷᠠᠶ᠎ᠠ
ᠰᠡᠳᠬᠢᠯ ᠦ᠋ᠨ ᠬᠠᠢᠷ᠎ᠠ ᠪᠠᠨ ᠴᠢᠮ᠎ᠠ ᠳ᠋ᠠᠭᠠᠨ ᠵᠣᠷᠢᠭᠤᠯᠤᠶ᠎ᠠ᠃
ᠢᠲᠡᠭᠡᠯ ᠳᠦᠭᠦᠷᠡᠩ ᠠᠷᠢᠭᠤᠬᠠᠨ ᠬᠠᠢᠷ᠎ᠠ ᠶ᠋ᠢ ᠴᠢᠨᠢ
ᠰᠡᠳᠬᠢᠯ ᠳ᠋ᠡᠭᠡᠨ ᠪᠠᠭᠲᠠᠭᠠᠵᠤ ᠴᠢᠮ᠎ᠠ ᠶ᠋ᠢ ᠪᠡᠨ ᠪᠢ ᠮᠡᠳᠡᠷᠡᠭᠰᠡᠨ
ᠡᠷᠭᠢᠵᠦ ᠣᠯᠳᠠᠰᠢ ᠦᠭᠡᠢ ᠠᠮᠢᠳᠤᠷᠠᠯ ᠤ᠋ᠨ ᠡᠨᠡ ᠶᠡᠬᠡ ᠠᠵᠠ ᠵᠢᠷᠭᠠᠯ ᠢ᠋ᠶ᠋ᠠᠨ
ᠡᠯᠡᠭᠡᠵᠦ ᠲᠤᠭᠤᠯᠬᠤ ᠣᠨ ᠵᠢᠯ ᠦ᠋ᠳ ᠢ᠋ ᠠᠮᠠᠯᠠᠶ᠎ᠠ᠃
ᠦᠰᠦᠭ ᠬᠠᠳᠠᠭᠴᠢ᠄ ᠵᠢᠷᠠᠨᠲᠠᠢ
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
