ᠡᠮᠧ ᠪᠡᠨ ᠠᠷᠭᠠᠳᠠᠬᠤ ᠦᠭᠡ ᠨᠠᠳᠠ ᠣᠯᠳᠠᠭ᠎ᠠ ᠦᠭᠡᠢ Эмегээ аргадах үг над олдоогүй ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠮᠧ ᠪᠡᠨ ᠠᠷᠭᠠᠳᠠᠬᠤ ᠦᠭᠡ ᠨᠠᠳᠠ ᠣᠯᠳᠠᠭ᠎ᠠ ᠦᠭᠡᠢ Эмегээ аргадах үг над олдоогүй

ᠡᠮᠧ ᠪᠡᠨ ᠠᠷᠭᠠᠳᠠᠬᠤ ᠦᠭᠡ ᠨᠠᠳᠠ ᠣᠯᠳᠠᠭ᠎ᠠ ᠦᠭᠡᠢ Эмегээ аргадах үг над олдоогүй

2023-01-01

612

ᠡᠮᠧ ᠪᠡᠨ ᠠᠷᠭᠠᠳᠠᠬᠤ ᠦᠭᠡ ᠨᠠᠳᠠ ᠣᠯᠳᠠᠭ᠎ᠠ ᠦᠭᠡᠢ



 ᠳᠡᠪᠡᠯ ‍ᠦᠨ ‍ᠢᠶ᠋ᠡᠨ ᠡᠩᠭᠡᠷ ‍ᠢᠶ᠋ᠡᠷ ᠨᠢᠯᠪᠤᠰᠤ ‍ᠶ᠋ᠢ ᠮᠢᠨᠢ ᠠᠷᠴᠢᠵᠤ 
 ᠳᠡᠯᠡᠬᠡᠢ ‍ᠶ᠋ᠢ ᠦᠭᠴᠦ ᠨᠠᠮ᠎ᠠ ‍ᠶ᠋ᠢ ᠠᠷᠭᠠᠳᠠᠭᠰᠠᠨ ᠡᠮᠸ ᠮᠢᠨᠢ
 ᠡᠬᠡ ‍ᠶ᠋ᠢᠨ ᠴᠠᠭᠠᠨ ᠰᠦᠨ ‍ᠦ ᠴᠢᠨᠢ ᠬᠠᠷᠢᠭᠤ ‍ᠳᠤ
 ᠡᠨᠡᠬᠡᠨ ᠪᠥᠮᠪᠥᠷᠴᠡᠭ ‍ᠢ ᠡᠬᠡᠭᠦᠯᠵᠦ ᠦᠭᠬᠦ ‍ᠳᠦ ᠪᠠᠭᠠᠳᠠᠨᠠᠮ
 ᠥᠷᠦᠭᠡᠯ ‍ᠦᠨ ᠨᠢᠳᠦᠨ ‍ᠳᠦ ᠥᠷᠳᠦᠮᠡᠷ ᠦᠭᠡᠢ
 ᠦᠪᠡᠷ ‍ᠢᠶ᠋ᠡᠷ ᠮᠢᠨᠢ ᠥᠪᠡᠷ ‍ᠢ ᠎ᠪᠡᠨ ᠠᠷᠭᠠᠳᠠᠳᠠᠭ ᠪᠠᠶ᠋ᠢᠵᠤ ᠳ᠋ᠠ ᠡᠮᠸ ᠮᠢᠨᠢ
 ᠡᠬᠡ ᠬᠡᠯᠡᠨ ‍ᠦ ᠮᠢᠨᠢ ᠪᠠᠶᠠᠯᠢᠬ ᠰᠠᠩ ᠠ᠋ᠴᠠ
 ᠡᠮᠸ ᠎ᠪᠠᠨ ᠠᠷᠭᠠᠳᠠᠬᠤ ᠦᠭᠡ ᠨᠠᠳᠠ ᠣᠯᠳᠠᠭᠰᠠᠨ ᠦᠭᠡᠢ
 ᠭᠤᠷᠪᠠᠨ ᠵᠢᠯ ᠠᠶ᠋ᠢᠯ ‍ᠤᠨ ᠪᠠᠭ᠎ᠠ ᠰᠤᠷᠭᠠᠭᠤᠯᠢ ‍ᠳᠤ ᠭᠦᠶᠦᠬᠦ ‍ᠳᠦ ᠎ᠪᠡᠨ ᠪᠠᠷᠠᠮᠴᠢ ᠪᠠᠶ᠋ᠢᠯ᠎ᠠ ᠪᠢ
 ᠭᠤᠳᠤᠯ ‍ᠢ ᠮᠢᠨᠢ ᠨᠦᠬᠦᠵᠦ ᠣᠶ᠋ᠢᠮᠤᠰᠤ ‍ᠶ᠋ᠢ ᠮᠢᠨᠢ ᠴᠣᠭᠣᠯᠢᠳᠴᠤ
 ᠦᠦᠷ ᠴᠠᠶ᠋ᠢᠯᠭᠠᠳᠠᠭ ᠪᠠᠶ᠋ᠢᠯ᠎ᠠ ᠡᠮᠸ ᠮᠢᠨᠢ
 ᠭᠤᠯᠤᠩᠬᠠᠢ ᠬᠣᠨᠢ ᠲᠣᠶ᠋ᠢᠬᠯᠠᠬᠤ ‍ᠳᠤ ᠎ᠪᠠᠨ ᠴᠤ᠌ ᠬᠦᠦ ᠮᠢᠨᠢ ᠭᠡᠵᠦ
 ᠭᠣᠣᠯ ᠠ᠋ᠴᠠ ᠎ᠪᠠᠨ ᠤᠶᠠᠷᠠᠵᠤ ᠣᠬᠢᠯᠠᠳᠠᠭ ᠪᠠᠶ᠋ᠢᠵᠤ ᠳ᠋ᠠ ᠡᠮᠸ ᠮᠢᠨᠢ
 ᠨᠡᠷ᠎ᠡ ᠎ᠪᠡᠷ ᠮᠢᠨᠢ ᠳᠠᠭᠤᠳᠠᠵᠤ ᠵᠡᠭᠦᠳᠦᠨ ᠎ᠡᠴᠡ ᠎ᠪᠡᠨ ᠰᠡᠷᠡᠬᠦ ᠪᠣᠯᠭᠠᠨ 
 ᠵᠢᠷᠦᠬᠡ ᠎ᠪᠡᠨ ᠳᠦᠭᠰᠢᠭᠦᠯᠵᠦ ᠪᠦᠳᠦᠨ ᠨᠣᠶ᠋ᠢᠷ ‍ᠢᠶ᠋ᠠᠨ 
 ᠬᠤᠭᠤᠰᠯᠠᠳᠠᠭ ᠯᠠ ᠪᠠᠶ᠋ᠢᠯ᠎ᠠ ᠳ᠋ᠠ ᠡᠮᠧ ᠮᠢᠨᠢ 
 ᠡᠪ ᠦᠭᠡᠶ᠋ᠢᠷᠬᠡᠵᠤ ᠨᠢᠳᠦ ᠨᠢ ᠳᠠᠲᠠᠬᠤ ‍ᠳᠤ ᠎ᠪᠠᠨ ᠡᠪᠡᠢ ᠬᠦᠦ ᠮᠢᠨᠢ ᠶᠠᠭᠠᠬᠢᠯ᠎ᠠ  ᠭᠡᠵᠦ 
 ᠵᠠᠯᠪᠠᠷᠢᠳᠠᠭ ᠪᠠᠶ᠋ᠢᠯ᠎ᠠ ᠳ᠋ᠠ ᠡᠮᠧ ᠮᠢᠨᠢ 
 ᠠᠶ᠋ᠢᠮᠠᠭ ‍ᠤᠨ ᠰᠤᠷᠭᠠᠭᠤᠯᠢ ‍ᠳᠤ ᠣᠷᠣᠴᠢᠬᠠᠯ᠎ᠠ ᠭᠡᠵᠦ 
 ᠠᠯᠢᠨ ᠠ᠋ᠴᠠ ᠨᠢ ᠴᠤ᠌ ᠢᠯᠡᠭᠦᠦ ᠪᠠᠶᠠᠷᠯᠠᠭᠰᠠᠨ ᠨᠢ ᠡᠮᠧ ᠮᠢᠨᠢ ᠪᠠᠶ᠋ᠢᠯ᠎ᠠ 
 ᠠᠮᠠᠷ ᠦᠭᠡᠢ ᠳ᠋ᠠ ᠂ ᠲᠡᠶ᠋ᠢᠮᠦ ᠬᠣᠯᠠ ᠭᠡᠵᠦ 
 ᠠᠯᠠᠭ ᠨᠢᠳᠦᠨ ‍ᠦ ᠎ᠪᠠᠨ ᠵᠡᠶ᠋ᠢᠷ ‍ᠢ ᠬᠠᠨᠴᠤᠢ ‍ᠳᠦ ᠎ᠪᠡᠨ ᠨᠢᠭᠤᠭᠰᠠᠨ ᠨᠢ  ᠴᠤ᠌ ᠡᠮᠧ ᠮᠢᠨᠢ ᠪᠠᠶ᠋ᠢᠯ᠎ᠠ 
 ᠠᠯᠤᠰ ᠣᠴᠢᠪᠠᠯ ᠡᠵᠢ ‍ᠳᠦ ᠎ᠪᠡᠨ ᠵᠠᠬᠢᠳᠠᠯ ᠪᠢᠴᠢᠭᠡᠷᠡᠢ ᠭᠡᠵᠦ 
 ᠠᠮᠠᠨ ᠠ᠋ᠴᠠ ᠎ᠪᠠᠨ ᠬᠣᠶ᠋ᠢᠰᠢ ᠦᠭᠡᠢ ᠶᠠᠷᠢᠳᠠᠭ ᠪᠠᠶ᠋ᠢᠯ᠎ᠠ ᠳ᠋ᠠ ᠡᠮᠧ ᠮᠢᠨᠢ 
 ᠠᠢ ᠂ ᠲᠡᠭᠡᠬᠦ ‍ᠳᠦ ᠪᠢ ᠴᠢᠨᠢ ᠡᠵᠢ ‍ᠶ᠋ᠢᠨ ‍ᠢᠶ᠋ᠡᠨ ᠰᠡᠳᠬᠢᠯ ‍ᠢ ᠠᠷᠭᠠᠳᠠᠵᠤ 
 ᠠᠳᠠᠭ ᠨᠢ ᠨᠢᠭᠡ ᠴᠤ᠌ ᠵᠠᠬᠢᠳᠠᠯ ᠦᠭᠡᠢ ᠰᠠᠭᠤᠳᠠᠭ ᠪᠠᠶ᠋ᠢᠬᠰᠠᠨ ᠳ᠋ᠠ 
 ᠠᠢ ᠳ᠋ᠠ ᠂ ᠬᠦᠦ ᠮᠢᠨᠢ ᠶᠠᠪᠤᠴᠢᠬᠠᠪᠠᠯ ᠭᠡᠷ ᠬᠦᠨᠳᠡᠶ᠋ᠢᠷᠡᠴᠢᠬᠡᠨ᠎ᠡ ᠭᠡᠵᠦ 
 ᠠᠷᠪᠠ ᠬᠣᠨᠣᠭ ‍ᠤᠨ ᠤᠷᠢᠳᠠ ᠎ᠡᠴᠡ ᠯᠠ ᠡᠳᠦᠷ ᠲᠣᠭᠠᠯᠠᠨ ᠵᠣᠪᠠᠳᠠᠭ ᠶᠤᠮ ᠳ᠋ᠠ ᠡᠮᠧ ᠮᠢᠨᠢ 
 ᠠᠮᠠᠷᠠᠯᠲᠠ ᠎ᠪᠠᠷ ᠨᠢᠭᠡ ᠣᠴᠢᠬᠤ ‍ᠳᠤ ᠎ᠪᠠᠨ ᠴᠤ᠌
 ᠠᠬᠠᠶ᠋ᠢᠰ ᠭᠡᠮᠡᠷ ᠨᠢᠭᠡ ᠴᠤ᠌ ᠢᠯᠡᠭᠦᠦ ᠬᠣᠨᠣᠯ ᠦᠭᠡᠢ ᠎ᠪᠡᠷ ᠶᠠᠪᠤᠴᠢᠬᠠᠳᠠᠭ ᠪᠠᠶ᠋ᠢᠯ᠎ᠠ ᠪᠢ 
 ᠲᠠᠬᠤᠯ ᠡᠪᠡᠳᠴᠢᠨ ‍ᠳᠦ ᠨᠢᠭᠡ ᠤᠨᠠᠬᠤ ‍ᠳᠤ ᠎ᠪᠠᠨ ᠴᠤ᠌ 
 ᠲᠠᠨ ‍ᠤ ᠎ᠪᠠᠨ ᠰᠠᠶ᠋ᠢᠨ ‍ᠢ ᠦᠵᠡᠯ ᠦᠭᠡᠢ ᠶᠠᠪᠤᠴᠢᠬᠠᠬᠤ ᠶᠤᠮ ‍ᠤᠤ ᠳ᠋ᠠ ᠭᠡᠵᠦ 
 ᠠᠷᠬᠠᠶ᠋ᠢᠵᠤ  ᠳᠠᠷᠬᠠᠶ᠋ᠢᠬᠰᠠᠨ ᠬᠣᠶᠠᠷ ᠬᠦᠦ ‍ᠳᠦ ᠎ᠪᠠᠨ 
 ᠠᠯᠠᠭ ᠨᠢᠳᠦᠨ ‍ᠦ ᠨᠢᠯᠪᠤᠰᠤ ᠎ᠪᠠᠨ ᠰᠢᠪᠬᠠᠨ ᠪᠠᠶ᠋ᠢᠵᠤ ᠬᠡᠯᠡᠭᠰᠡᠨ ᠶᠤᠮ ᠳ᠋ᠠ ᠡᠮᠧ ᠮᠢᠨᠢ 
 ᠰᠢᠷᠭ᠎ᠠ ᠮᠣᠷᠢ ᠎ᠪᠠᠨ ᠬᠤᠳᠠᠯᠳᠤᠴᠢᠬᠠᠭᠠᠳ 
 ᠰᠢᠷᠠᠲᠠᠲᠠᠯ᠎ᠡ ᠨᠢᠭᠡ ᠰᠣᠭᠳᠤᠭᠰᠠᠨ ᠶᠤᠮ ᠰᠢᠦ ᠠᠪᠤ ᠴᠢᠨᠢ ᠭᠡᠵᠦ 
 ᠰᠢᠯᠭᠠᠯᠲᠠ ‍ᠶ᠋ᠢ ᠮᠢᠨᠢ ᠨᠦᠯᠦᠭᠡᠯᠡᠴᠢᠬᠡᠨ᠎ᠡ ᠭᠡᠵᠦ ᠠᠯᠢ ᠰᠡᠭᠦᠯᠡᠷ  
 ᠰᠢᠪᠠᠳᠠᠵᠤ ᠭᠣᠪᠢᠭᠤᠯᠤᠭᠰᠠᠨ ᠵᠣᠭᠣᠰ  ‍ᠤᠨ ᠢᠷᠡᠯᠲᠡ ᠎ᠪᠡᠨ ᠬᠡᠯᠡᠭᠰᠡᠨ ᠶᠤᠮ ᠡ ᠡᠮᠧ ᠮᠢᠨᠢ 

 ᠡᠮᠧ ᠭᠡᠵᠦ ᠬᠡᠯᠡᠨ ‍ᠳᠦ ᠣᠷᠣᠭᠰᠠᠨ ᠡ ᠪᠢ ᠂

 ᠡᠬᠡ ᠬᠡᠯᠡᠨ ‍ᠦ ᠎ᠪᠡᠨ ᠥᠨᠳᠥᠷ ᠤᠷᠤᠭᠤ ᠨᠢᠰᠦᠭᠰᠡᠨ ᠰᠢᠪᠠᠭᠤ

 ᠤᠶᠠᠩᠭ᠎ᠠ ‍ᠶ᠋ᠢᠨ ᠡᠷᠢᠯ ‍ᠳᠦ ᠤᠳᠠᠳᠠᠯ᠎ᠡ ᠎ᠪᠡᠨ ᠶᠠᠪᠤᠭᠰᠠᠨ ᠴᠤ᠌

 ᠡᠮᠧ ᠪᠡᠨ ᠠᠷᠭᠠᠳᠠᠬᠤ ᠦᠭᠡ ᠳᠠᠩᠴᠤ ᠣᠯᠳᠠᠭᠰᠠᠨ ᠦᠭᠡᠢ

 ᠲᠣᠷᠭᠠᠨ ᠬᠡᠯᠡ ‍ᠶ᠋ᠢᠨ ᠮᠠᠨᠠᠭᠠᠨ ‍ᠳᠤ ᠤᠷᠭᠠᠨ ᠮᠣᠷᠢ ᠰᠢᠭ᠋ ᠶᠠᠭᠠᠷᠠᠵᠤ

 ᠲᠣᠭ᠎ᠠ ᠲᠠᠢ ᠬᠡᠳᠦ ᠬᠣᠨᠣᠭ ‍ᠤᠨ ᠴᠢᠯᠥᠭᠡ ᠪᠡᠷ ‍ᠢᠶ᠋ᠡᠨ ᠬᠠᠶᠠ ᠨᠢᠭᠡ ᠬᠠᠷᠢᠬᠤ ‍ᠳᠤ

 ᠨᠠᠷᠠ᠎ᠲᠠᠢ ᠪᠣᠷᠣᠭᠠᠨ ᠰᠢᠭ᠋ ᠡᠮᠧ ᠮᠢᠨᠢ

 ᠨᠠᠳᠠ ᠶ᠋ᠢ ᠎ᠪᠡᠨ ᠪᠠᠶᠠᠷ ‍ᠤᠨ ᠨᠢᠯᠪᠤᠰᠤ ᠎ᠪᠠᠷ ᠤᠭᠲᠤᠳᠠᠭ ᠶᠤᠮ ᠳ᠋ᠠ

 ᠠᠢ ᠳ᠋ᠠ ᠂ ᠲᠡᠭᠡᠬᠦ ‍ᠳᠦ ᠡᠮᠧ ᠮᠢᠨᠢ ᠵᠢᠯ ᠎ᠡᠴᠡ ᠎ᠪᠡᠨ ᠵᠢᠯ ᠥᠲᠡᠯᠵᠦ ᠪᠠᠶ᠋ᠢᠬᠤ ‍ᠶ᠋ᠢᠨ ᠬᠢ ᠶᠤᠮ ‍ᠤᠤ

 ᠬᠡᠦᠬᠡᠳ ᠰᠢᠭ᠌ ᠪᠣᠯᠴᠢᠬᠠᠭᠰᠠᠨ ‍ᠢ ᠨᠢ ᠶᠠᠭᠠᠬᠢᠨ᠎ᠠ 

 ᠬᠦᠰᠡᠯ ‍ᠢᠶ᠋ᠡᠷ ᠨᠢ ᠬᠦᠷᠦᠭᠡᠳ ᠣᠴᠢᠬᠤ ‍ᠳᠤ ᠣᠬᠢᠯᠠᠴᠢᠬᠠᠬᠤ ‍ᠶ᠋ᠢ ᠨᠢ ᠶᠠᠭᠠᠬᠢᠨ᠎ᠠ

 ᠭᠠᠵᠠᠷ ᠬᠡᠳᠦᠢ ᠬᠣᠯᠠ ᠪᠠᠶ᠋ᠢᠯ᠎ᠠ ᠴᠤ᠌ ᠬᠦᠷᠦᠭᠡᠳ ᠢᠷᠡᠳᠡᠭ ᠶᠤᠮ ᠡᠮᠧ ᠮᠢᠨᠢ

 ᠭᠠᠯᠲᠤ ᠲᠡᠷᠭᠡᠨ ᠥᠷᠲᠡᠭᠡᠨ ‍ᠳᠦ ᠪᠠᠷ᠎ᠠ᠎ᠪᠠᠷ ᠮᠢᠨᠢ ᠣᠬᠢᠯᠠᠴᠢᠬᠠᠳᠠᠭ ᠶᠤᠮ ᠡᠮᠧ ᠮᠢᠨᠢ

 ᠭᠠᠷ ᠳᠠᠯᠠᠯᠤᠭᠠᠳ ᠭᠠᠳᠠᠨ᠎ᠠ ᠎ᠪᠠᠨ ᠬᠣᠴᠣᠷᠬᠤ ‍ᠳᠤ ᠎ᠪᠠᠨ ᠴᠤ᠌ ᠡᠮᠧ ᠮᠢᠨᠢ

 ᠭᠠᠭᠴᠠᠬᠠᠨ ᠴᠤ᠌ ᠲᠡᠰᠬᠦ ᠦᠭᠡᠢ ᠣᠬᠢᠯᠠᠴᠢᠬᠠᠳᠠᠭ ‍ᠢ ᠨᠢ ᠶᠠᠭᠠᠬᠢᠨ᠎ᠠ

 ᠤᠯᠠᠷᠢᠯ ‍ᠤᠨ ᠰᠢᠪᠠᠭᠤᠳ ‍ᠤᠨ ᠲᠦᠷᠦᠭᠦᠴᠢ ‍ᠶ᠋ᠢ ᠬᠠᠷᠠᠭᠠᠳ

 ᠤᠶᠠᠷᠠᠨ ᠤᠶᠠᠷᠠᠵᠤ ᠨᠢᠭᠡ ᠰᠠᠶ᠋ᠢᠨ ᠣᠬᠢᠯᠠᠲᠠᠭ ᠪᠠᠶ᠋ᠢᠬᠤ ᠳ᠋ᠠ ᠡᠮᠧ ᠮᠢᠨᠢ

 ᠠᠭᠤᠯᠠᠰ ‍ᠤᠨ ᠤᠷᠤᠢ ᠪᠤᠭᠤᠷᠤᠯᠲᠤᠵᠤ ᠡᠪᠦᠯ ᠢᠷᠡᠬᠦ ‍ᠳᠦ

 ᠤᠳᠠᠳᠠᠯ᠎ᠡ᠎ ᠪᠡᠨ ᠭᠠᠳᠠᠨ᠎ᠠ ᠎ᠪᠠᠨ ᠵᠣᠭᠰᠣᠵᠤ ᠵᠢᠭᠡᠭᠦᠴᠡᠴᠢᠭᠡᠬᠦ ᠪᠣᠢ ᠳ᠋ᠠ ᠡᠮᠧ ᠮᠢᠨᠢ

 ᠳᠡᠷᠭᠡᠳᠡ ᠨᠢ ᠬᠠᠮᠲᠤ ᠪᠠᠶ᠋ᠢᠬᠤ ‍ᠳᠤ ᠎ᠪᠠᠨ

 ᠳᠡᠩᠳᠡᠭᠦᠦ ᠴᠤ᠌ ᠡᠷᠬᠡ ᠪᠠᠶ᠋ᠢᠵᠤ ᠡᠮᠧ ᠎ᠪᠡᠨ ᠵᠣᠪᠠᠭᠠᠯ᠎ᠠ ᠳ᠋ᠠ ᠪᠢ 

 ᠳᠡᠷᠭᠡᠳᠡ ᠨᠢ ᠨᠢᠰᠦᠭᠡᠳ ᠣᠴᠢᠵᠤ ᠴᠢᠳᠠᠬᠤ ᠦᠭᠡᠢ ᠴᠤ᠌

 ᠳᠡᠯᠡᠬᠡᠢ ‍ᠶ᠋ᠢᠨ ᠬᠠᠮᠢᠭ᠎ᠠ ᠠ᠋ᠴᠠ ᠴᠤ᠌ ᠡᠮᠧ ᠮᠢᠨᠢ ᠡᠷᠢᠭᠳᠡᠨ᠎ᠡ ᠳ᠋ᠠ

 ᠥᠯᠥᠭᠡᠢ ‍ᠶ᠋ᠢᠨ ᠰᠢᠷᠣᠢ ‍ᠳᠤ ᠮᠢᠨᠢ ᠪᠦᠪᠡᠢ ‍ᠶ᠋ᠢᠨ ᠳᠠᠭᠤᠤ ᠎ᠪᠠᠨ ᠰᠢᠩᠭᠡᠭᠡᠵᠦ

 ᠥᠭᠦᠯᠡᠪᠦᠷᠢ ᠪᠦᠷᠢ ‍ᠶ᠋ᠢᠨ ᠡᠬᠢᠨ ‍ᠳᠤ ᠎ᠪᠠᠨ ᠡᠪᠡᠢ ᠬᠦᠦ ᠮᠢᠨᠢ ᠭᠡᠵᠦ ᠠᠷᠭᠠᠳᠠᠭᠰᠠᠨ ᠡᠮᠧ ᠮᠢᠨᠢ 

 ᠡᠬᠡ ‍ᠶ᠋ᠢᠨ ᠰᠡᠳᠬᠢᠯ ‍ᠦᠨ ᠥᠨᠳᠥᠷ ᠎ᠲᠤ᠌ ᠴᠢᠨᠢ ᠲᠡᠮᠡᠤᠯᠬᠦ ‍ᠳᠦ

 ᠡᠨᠡᠬᠡᠨ ᠪᠡᠶ᠎ᠡ ᠮᠢᠨᠢ ᠡᠷᠭᠢᠬᠦ ᠲᠥᠷᠥᠯ ᠎ᠲᠡᠢ ᠎ᠪᠡᠨ ᠪᠠᠭᠠᠳᠠᠨ᠎ᠠ