ᠪᠠᠶᠠᠷ ᠬᠦᠷᠭᠡᠶ᠎ᠡ-ᠶᠤ᠋᠂ ᠪᠠᠳᠣᠮᠥ᠋ᠩᠬᠡБаяр хүргье-Ё.Батмөнх ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠶᠠᠷ ᠬᠦᠷᠭᠡᠶ᠎ᠡ-ᠶᠤ᠋᠂ ᠪᠠᠳᠣᠮᠥ᠋ᠩᠬᠡБаяр хүргье-Ё.Батмөнх

ᠪᠠᠶᠠᠷ ᠬᠦᠷᠭᠡᠶ᠎ᠡ-ᠶᠤ᠋᠂ ᠪᠠᠳᠣᠮᠥ᠋ᠩᠬᠡБаяр хүргье-Ё.Батмөнх

ᠠᠩᠭᠢᠯᠠᠯ:ᠳᠠᠭᠤᠤ ᠬᠥᠭᠵᠢᠮ
2022-12-28

6696

ᠪᠠᠶᠠᠷ ᠬᠦᠷᠭᠡᠶ᠎ᠡ

   ᠰᠢᠯᠦᠭ ᠄  ᠶᠤ ᠂ ᠪᠠᠳᠤᠮᠥ᠋ᠩᠬᠡ
   ᠠᠶᠠᠯᠭᠤ ᠄ ᠨ ᠂ ᠪᠤᠶᠠᠨᠳᠡᠯᠭᠡᠷ
   ᠳᠠᠭᠤᠴᠢᠨ ᠄  ᠶᠤ᠋᠂ ᠪᠠᠳᠣᠮᠥ᠋ᠩᠬᠡ
ᠰᠠᠶ᠋ᠢᠬᠠᠨ ᠪᠦᠬᠦᠨ ‍ᠳᠤ ᠭᠡᠭᠡᠨ ᠮᠦᠷ᠎ᠲᠡᠢ ᠬᠠᠶ᠋ᠢᠷ᠎ᠠ ᠬᠦᠰᠡᠶ᠎ᠡ
ᠰᠠᠨᠠᠭ᠎ᠠ ᠪᠤᠳᠤᠯ ‍ᠤᠨ ᠠᠷᠢᠭᠤᠨ ᠪᠦᠬᠦᠨ ‍ᠳᠦ ᠢᠲᠡᠭᠡᠯ ᠨᠡᠮᠡᠶ᠎ᠡ
ᠲᠤᠯᠭ᠎ᠠ᠎ᠲᠠᠢ ᠭᠠᠯ ‍ᠤᠨ ᠳᠦᠯᠦ ᠪᠣᠯᠭᠠᠨ ‍ᠳᠤ ᠬᠡᠶ᠋ᠢᠮᠣᠷᠢ ᠢᠷᠦᠭᠡᠶ᠎ᠡ
ᠲᠤᠭᠤᠯᠬᠤ ᠠᠮᠢᠳᠤᠷᠠᠯ ‍ᠤᠨ ᠵᠠᠮ ᠪᠦᠬᠦᠨ ‍ᠳᠦ ᠵᠢᠷᠭᠠᠯ ᠳᠡᠭᠡᠵᠢᠯᠡᠶ᠎ᠡ
ᠦ ᠦ ᠪᠠᠶᠠᠷ ᠬᠦᠷᠭᠡᠶ᠎ᠡ
ᠦ ᠦ ᠵᠢᠷᠭᠠᠯ ᠳᠡᠭᠡᠵᠢᠯᠡᠶ᠎ᠡ
ᠠᠵᠠ ᠵᠢᠷᠭᠠᠯ᠎ᠲᠠᠢ ᠠᠮᠢᠳᠤᠷᠠᠯ ᠴᠢᠮ᠎ᠠ ‍ᠳᠤ᠎ᠪᠠᠨ ᠠᠯᠠᠭ᠎ᠠ ᠎ᠪᠠᠨ ᠳᠤᠰᠤᠶ᠎ᠠ
ᠠᠯᠠᠭ ᠬᠣᠷᠸ᠋᠎ᠠ ‍ᠶ᠋ᠢᠨ ᠭᠡᠭᠡᠨ ᠪᠦᠬᠦᠨ ‍ᠳᠦ ᠭᠡᠷᠡᠯ ᠨᠡᠮᠡᠶ᠎ᠡ
ᠠᠷᠠᠳ ‍ᠤᠨ ᠳᠠᠭᠤᠤ ᠎ᠪᠠᠨ ᠳᠠᠭᠤᠯᠠᠨ ᠳᠠᠭᠤᠯᠠᠨ ᠤᠶᠠᠩᠭ᠎ᠠ ᠳᠦᠷᠡᠶ᠎ᠡ
ᠠᠰᠢᠳᠠ ᠮᠥᠩᠬᠡ ‍ᠶ᠋ᠢᠨ ᠢᠷᠦᠭᠡᠯ ᠡᠷᠭᠦᠨ ᠬᠠᠮᠲᠤ ‍ᠳᠤ᠎ ᠪᠠᠨ ᠳᠠᠭᠤᠯᠠᠶ᠎ᠠ
ᠦ ᠦ ᠪᠠᠶᠠᠷ ᠬᠦᠷᠭᠡᠶ᠎ᠡ
ᠦ ᠦ ᠵᠢᠷᠭᠠᠯ ᠳᠡᠭᠡᠵᠢᠯᠡᠶ᠎ᠡ
ᠦᠨᠡᠨ ᠬᠠᠶ᠋ᠢᠷ᠎ᠠ ‍ᠶ᠋ᠢᠨ ᠳᠠᠭᠤᠤ ᠪᠦᠬᠦᠨ ‍ᠳᠦ ᠳᠤᠮᠣᠭ ᠰᠢᠪᠡᠨᠡᠶ᠎ᠡ
ᠡᠭᠦᠷᠢᠳᠡ ‍ᠶ᠋ᠢᠨ ᠠᠷᠢᠭᠤᠨ ᠡᠭᠡ ᠣᠷᠣᠨ ‍ᠳᠤ᠎ ᠪᠠᠨ ᠲᠡᠦᠬᠡ ᠪᠥᠳᠦᠭᠡᠶ᠎ᠡ
ᠵᠢᠷᠭᠠᠯ ᠪᠦᠬᠦᠨ ‍ᠦ ᠳᠡᠭᠡᠳᠦ ‍ᠶ᠋ᠢᠨ ᠳᠡᠭᠡᠳᠦ ‍ᠶ᠋ᠢ ᠡᠷᠭᠦᠨ ᠲᠠᠯᠪᠢᠶ᠎ᠠ
ᠵᠢᠷᠠᠨ ᠵᠢᠷᠠᠨ ‍ᠢᠶ᠋ᠠᠷ ᠳᠦᠭᠦᠷᠬᠦ ᠵᠢᠷᠭᠠᠯ ‍ᠢ ᠢᠷᠦᠭᠡᠵᠦ ᠳᠠᠭᠤᠯᠠᠶ᠎ᠠ
ᠦ ᠦ ᠪᠠᠶᠠᠷ ᠬᠦᠷᠭᠡᠶ᠎ᠡ
ᠦ ᠦ ᠵᠢᠷᠭᠠᠯ ᠳᠡᠭᠡᠵᠢᠯᠡᠶ᠎ᠡ
ᠦ ᠦ ᠪᠠᠶᠠᠷ ᠬᠦᠷᠭᠡᠶ᠎ᠡ
ᠦ ᠦ ᠵᠢᠷᠭᠠᠯ ᠳᠡᠭᠡᠵᠢᠯᠡᠶ᠎ᠡ ᠦ ᠦ ᠵᠢᠷᠭᠠᠯ ᠢᠷᠦᠭᠡᠶ᠎ᠡ ᠡ