ᠡᠵᠢ ᠨᠠᠭᠤᠷ-ᠵᠠᠪᠬᠠᠨ ᠠᠢᠮᠠᠭ ᠢᠷᠠᠭᠤ ᠰᠤᠮᠤЭэж нуур_ Завхан аймаг Яруу Сум
ᠡᠵᠢ ᠨᠠᠭᠤᠷ-ᠵᠠᠪᠬᠠᠨ ᠠᠢᠮᠠᠭ ᠢᠷᠠᠭᠤ ᠰᠤᠮᠤ
ᠰᠢᠯᠦᠭ ᠄ ᠼ · ᠱᠠᠭᠵᠠᠵᠠᠪ
ᠬᠥᠭᠵᠢᠮ ᠄ ᠪ · ᠡᠩᠬᠡᠪᠠᠭᠠᠲᠤᠷ
ᠳᠠᠭᠤᠴᠢᠨ ᠄ ᠪ · ᠡᠩᠬᠡᠪᠠᠭᠠᠲᠤᠷ
ᠡᠷᠢᠶᠡᠨ ᠬᠠᠶ᠋ᠢᠷᠬᠠᠨ ᠡᠵᠢ ᠲᠡᠢ
ᠶᠡᠬᠡ ᠭᠠᠯᠲᠤ ᠶ᠋ᠢᠨ ᠠᠭᠤᠯᠠᠰ ᠠᠪᠤ ᠲᠠᠢ
ᠡᠷᠲᠡᠨ ᠦ ᠳᠣᠮᠣᠭᠲᠤ᠌ ᠲᠡᠦᠬᠡ ᠲᠡᠢ
ᠡᠩ ᠦᠭᠡᠢ ᠰᠠᠶ᠋ᠢᠬᠠᠨ ᠡᠵᠢ ᠨᠠᠭᠤᠷ ᠠ᠋
ᠯᠤᠤᠰ ᠤᠨ ᠳᠠᠭᠢᠨᠢ ᠪᠦᠬᠦᠨ ᠤ ᠡᠵᠢ
ᠬᠠᠭ ᠨᠠᠭᠤᠷ ᠮᠢᠨᠢ
ᠪᠤᠮᠨᠨ ᠰᠦᠷᠦᠭ ᠪᠠᠭᠰᠢᠷᠠᠭᠰᠠᠨ
ᠪᠤᠶᠠᠨ ᠵᠠᠶᠠᠭ᠎ᠠ ᠲᠡᠭᠰᠢᠷᠡᠭᠰᠡᠨ
ᠲᠦᠮᠡᠨ ᠪᠣᠳᠠᠰ ᠤᠨ ᠰᠢᠨᠵᠢ ᠲᠡᠢ
ᠲᠦᠮᠡᠨ ᠦ ᠤᠮᠳᠠᠭ᠎ᠠ ᠷᠠᠰᠢᠶᠠᠨ ᠡᠵᠢ
ᠲᠩᠷᠢ ᠶ᠋ᠢᠨ ᠲᠣᠯᠢᠨ ᠭᠠᠵᠠᠷ ᠤᠨ ᠮᠡᠯᠮᠡᠢ
ᠬᠠᠭ ᠨᠠᠭᠤᠷ ᠮᠢᠨᠢ
ᠪᠦᠯᠢᠶᠡᠨ ᠳᠥᠯᠥᠭᠡᠨ ᠮᠠᠨᠲᠠᠯ ᠳᠤ ᠪᠠᠨ
ᠪᠤᠭᠤᠷᠤᠯ ᠲᠡᠦᠬᠡ ᠶ᠋ᠢᠨ ᠠᠲᠤᠷᠢᠶ᠎ᠠ ᠲᠠᠢ
ᠤᠷᠢᠨ ᠴᠠᠭ ᠤᠨ ᠥᠩᠭᠡᠨ ᠳ᠋ᠦ᠍ ᠨᠢ
ᠤᠰᠤᠨ ᠤ ᠰᠢᠪᠠᠭᠤᠳ ᠴᠢᠭᠤᠯᠤᠭᠰᠠᠨ ᠡᠵᠢ
ᠤᠷᠢᠬᠠᠨ ᠲᠠᠩᠰᠤᠭ ᠤᠰᠤᠨ ᠪᠢᠳᠤᠷᠶ᠎ᠠ
ᠬᠠᠭ ᠨᠠᠭᠤᠷ ᠮᠢᠨᠢ
ᠲᠣᠯᠢᠨ ᠴᠡᠩᠬᠡᠷ ᠮᠠᠨᠳᠠᠯ ᠳᠤ ᠪᠠᠨ
ᠲᠩᠷᠢ ᠶ᠋ᠢᠨ ᠣᠳᠣᠳ ᠢ ᠨᠠᠭᠠᠳᠤᠭᠤᠯᠤᠭᠰᠠᠨ
ᠲᠣᠷᠭᠠᠨ ᠵᠥᠭᠡᠯᠡᠨ ᠤᠰᠤᠨ ᠳᠤ ᠨᠢ
ᠬᠦᠷᠦᠬ᠋ᠰᠡᠨ ᠪᠦᠬᠦᠨ ᠠᠷᠢᠭᠤᠰᠤᠭᠰᠠᠨ ᠡᠵᠢ
ᠬᠠᠭ ᠨᠠᠭᠤᠷ ᠮᠢᠨᠢ
ᠬᠠᠶ᠋ᠢᠷᠬᠠᠨ ᠰᠢᠲᠦᠭᠡᠨ ᠪᠦᠬᠦᠨ ᠦ ᠡᠵᠢ
ᠠᠷᠢᠭᠤᠨ ᠳᠠᠭᠰᠢᠨ ᠪᠤᠷᠬᠠᠳ ᠤᠨ ᠷᠠᠰᠢᠶᠠᠨ
ᠬᠠᠭ ᠨᠠᠭᠤᠷ ᠮᠢᠨᠢ
ᠡᠵᠢ ᠨᠠᠭᠤᠷ ᠡ
