ᠵᠠᠮ- ᠮᠠᠰᠢ ᠳᠠᠭᠤᠯᠠᠨ᠎ᠠЗам-маш дуулна ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠮ- ᠮᠠᠰᠢ ᠳᠠᠭᠤᠯᠠᠨ᠎ᠠЗам-маш дуулна

ᠵᠠᠮ- ᠮᠠᠰᠢ ᠳᠠᠭᠤᠯᠠᠨ᠎ᠠЗам-маш дуулна

ᠠᠩᠭᠢᠯᠠᠯ:ᠳᠠᠭᠤᠤ ᠬᠥᠭᠵᠢᠮ
2022-12-24

350

ᠵᠠᠮ

        ᠮᠠᠰᠢ ᠳᠠᠭᠤᠯᠠᠨ᠎ᠠ
 
ᠬᠣᠷᠸ᠋᠎ᠠ ᠶᠢ ᠳᠦᠭᠦᠷᠭᠡᠬᠦ ᠰᠠᠶ᠋ᠢᠬᠠᠨ ᠦᠵᠡᠮᠵᠢ ᠵᠦᠭ
ᠬᠣᠯᠠ ᠶᠢᠨ ᠬᠣᠯᠠ ᠠᠴᠠ ᠲᠡᠮᠡᠦᠯᠦᠨ ᠲᠡᠮᠡᠦᠯᠦᠭᠰᠡᠭᠡᠷ
ᠬᠣᠶ᠋ᠢᠮᠣᠷ ᠳᠦᠭᠦᠷᠭᠡᠬᠦ ᠬᠠᠶ᠋ᠢᠷᠠᠲᠠᠢ ᠬᠥᠮᠦᠰ ᠎ᠲᠡᠢ
ᠬᠣᠲᠠᠯᠠ ᠶᠢᠨ ᠣᠯᠠᠨ ᠢ ᠠᠭᠤᠯᠵᠠᠭᠤᠯᠤᠨ ᠠᠭᠤᠯᠵᠠᠭᠤᠯᠤᠭᠰᠠᠭᠠᠷ
    ᠴᠡᠴᠡᠭ ᠦᠨ ᠡᠮᠵᠢᠶᠡᠷᠢ ᠲᠡᠢ ᠴᠡᠩᠬᠡᠷ ᠨᠤᠲᠤᠭ ᠤᠨ ᠲᠣᠷᠭᠠᠨ ᠵᠠᠮ
    ᠴᠢ ᠪᠢᠳᠡᠨ ᠦ ᠡᠩᠬᠡ ᠴᠡᠩᠭᠡᠯ ᠵᠢᠷᠭᠠᠯ ᠤᠨ ᠠᠯᠲᠠᠩᠬᠠᠨ ᠵᠠᠮ
ᠤᠶᠠᠭ᠎ᠠ ᠶᠢ ᠦᠭᠡᠶ᠋ᠢᠯᠡᠬᠦ ᠰᠡᠳᠬᠢᠯ ᠢ ᠬᠠᠶᠠᠭᠠᠷᠠᠭᠤᠯᠵᠤ
ᠤᠨᠠᠭᠠᠨ ᠬᠤᠷᠳᠤ ᠪᠠᠷ ᠲᠡᠯᠡᠮᠡᠭᠦᠯᠦᠨ ᠲᠡᠯᠡᠮᠡᠭᠦᠯᠦᠭᠰᠡᠭᠡᠷ
ᠤᠬᠠᠭᠠᠨ ᠰᠡᠷᠭᠦᠭᠡᠬᠦ ᠤᠤᠭᠠᠯ ᠨᠤᠲᠤᠭ ᠲᠤ᠌ ᠨᠢ
ᠣᠷᠴᠢᠯᠠᠩ ᠤᠨ ᠣᠯᠠᠨ ᠢ ᠵᠢᠳᠬᠦᠭᠦᠯᠦᠨ ᠵᠢᠳᠬᠦᠭᠦᠯᠦᠭᠰᠡᠭᠡᠷ
     ( ᠳᠠᠭᠢᠯᠲᠠ )
ᠵᠡᠭᠦᠳᠦ ᠪᠡᠯᠴᠢᠭᠡᠬᠦ ᠥᠨᠢᠷ ᠳᠡᠯᠡᠬᠡᠢ ᠎ᠪᠡᠨ
ᠵᠦᠮᠪᠦᠷ ᠵᠢᠷᠦᠬᠡᠨ ᠎ᠡᠴᠡ ᠵᠡᠭᠦᠳᠦᠯᠡᠨ ᠵᠦᠭᠯᠡᠭᠰᠡᠭᠡᠷ
ᠵᠦᠩ ᠪᠢᠯᠢᠭ ‍ᠦᠨ ᠵᠣᠯᠪᠣᠭᠠᠲᠤ ᠦᠢᠯᠡᠰ ᠲᠠᠢ
ᠵᠦᠭ ᠪᠦᠬᠦᠨ ᠳᠦ ᠵᠣᠯᠭᠠᠭᠤᠯᠤᠨ ᠵᠣᠯᠭᠠᠭᠤᠯᠤᠭᠰᠠᠭᠠᠷ
     ( ᠳᠠᠭᠢᠯᠲᠠ )