ᠮᠣᠷᠢᠨ ᠬᠤᠭᠤᠷ- ᠬᠠᠷᠠᠩᠭ᠎ᠠ ᠬᠠᠮᠲᠤᠯᠢᠭ᠋Морин хуур-харанга хамтлаг
ᠮᠣᠷᠢᠨ ᠬᠤᠭᠤᠷ
ᠦᠭᠡ ᠠᠶ᠎ᠠ ᠄ ᠴᠢ᠊ ᠪᠤᠯᠠᠭ
ᠬᠠᠷᠠᠩᠭ᠎ᠠ ᠬᠠᠮᠲᠤᠯᠢᠭ᠋
ᠳᠠᠭᠤᠯᠠᠨ᠎ᠠ
ᠡᠷᠲᠡᠨ ᠦ ᠳᠣᠮᠣᠭ ᠢ ᠨᠢ ᠰᠣᠨᠣᠰᠬᠤ ᠳᠤ
ᠡᠷᠳᠡᠨᠢ ᠶᠢᠨ ᠬᠥᠯᠥᠭ ᠡᠴᠠ ᠡᠭᠦᠰᠦᠯ
ᠲᠡᠢ
ᠡᠭᠡᠰᠢᠭ ᠦᠨ ᠬᠢᠨᠢ ᠰᠠᠶ᠋ᠢᠬᠠᠨ ᠳᠤ ᠨᠢ ᠰᠣᠭᠲᠣᠭᠤᠷᠠᠬᠤ ᠳᠤ
ᠡᠵᠢ ᠶᠢᠨ ᠮᠢᠨᠢ ᠡᠨᠡᠷᠢᠯ ᠢ ᠮᠥᠷᠥᠭᠡᠳᠦᠭᠦᠯᠦᠭᠰᠡᠨ
ᠠᠢ ᠬᠥ ᠮᠣᠷᠢᠨ ᠬᠤᠭᠤᠷ ᠮᠢᠨᠢ
ᠮᠣᠩᠭᠣᠯᠴᠤᠳ ᠪᠢᠳᠠᠨ ᠤ ᠰᠡᠳᠬᠢᠯ ᠦᠨ ᠬᠠᠨᠢ
ᠤᠶᠠᠩᠭᠠᠲᠤ ᠰᠠᠶ᠋ᠢᠬᠠᠨ ᠠᠶᠠᠯᠭᠤᠨ ᠳᠤ ᠪᠠᠨ
ᠤᠷᠢᠳᠤ ᠶᠢᠨ ᠲᠡᠦᠬᠡ ᠪᠡᠨ ᠳᠠᠭᠤᠯᠠᠭᠰᠠᠨ
ᠤᠶᠠᠬᠠᠨ ᠵᠥᠭᠡᠯᠡᠨ ᠡᠭᠡᠰᠢᠭ ᠲᠦ ᠪᠡᠨ
ᠤᠴᠢᠷ ᠢ ᠲᠣᠳᠣᠷᠬᠠᠢ ᠶᠠᠷᠢᠭᠰᠠᠨ
ᠠᠢ ᠬᠥ ᠮᠣᠷᠢᠨ ᠬᠤᠭᠤᠷ ᠮᠢᠨᠢ
ᠮᠣᠩᠭᠣᠯᠴᠤᠳ ᠪᠢᠳᠠᠨ ᠤ ᠰᠡᠳᠬᠢᠯ ᠦᠨ ᠬᠠᠨᠢ
ᠪᠤᠭᠤᠷᠤᠯ ᠤᠨ ᠪᠤᠭᠤᠷᠤᠯ ᠤᠨ ᠦᠶ᠎ᠡ ᠡᠴᠡ
ᠪᠤᠶᠠᠨ ᠢᠶ᠋ᠠᠨ ᠢᠪᠡᠭᠡᠵᠦ ᠬᠠᠶ᠋ᠢᠷᠠᠯᠠᠭᠰᠠᠨ
ᠦᠷ᠎ᠡ ᠶᠢᠨ ᠦᠷ᠎ᠡ ᠶᠢ ᠤᠬᠠᠭᠠᠷᠠᠭᠤᠯᠵᠤ
ᠦᠨᠡᠨ ᠦ ᠬᠣᠷᠸ᠋᠎ᠠ ᠳᠤ
ᠬᠠᠨᠢᠯᠠᠭᠰᠠᠨ
ᠠᠢ ᠬᠥ ᠮᠣᠷᠢᠨ ᠬᠤᠭᠤᠷ ᠮᠢᠨᠢ
ᠮᠣᠩᠭᠣᠯᠴᠤᠳ ᠪᠢᠳᠠᠨ ᠤ ᠰᠡᠳᠬᠢᠯ ᠦᠨ ᠬᠠᠨᠢ
ᠠᠢ ᠬᠥ ᠮᠣᠷᠢᠨ ᠬᠤᠭᠤᠷ ᠮᠢᠨᠢ
ᠮᠣᠩᠭᠣᠯᠴᠤᠳ ᠪᠢᠳᠠᠨ ᠤ ᠰᠡᠳᠬᠢᠯ ᠦᠨ ᠬᠠᠨᠢ
ᠰᠡᠳᠬᠢᠯ ᠦᠨ ᠬᠠᠨᠢ
