ᠡᠪᠦᠯ ᠦᠨ ᠠᠳᠤᠭᠤᠴᠢᠨ-ᠠᠯᠲᠠᠨᠲᠦᠯᠬᠢᠭᠦᠷAltantulhuur_Uvliin aduuchin Алтантүлхүүр - Өвлийн адуучин
ᠡᠪᠦᠯ ᠦᠨ ᠠᠳᠤᠭᠤᠴᠢᠨ
ᠦᠭᠡ᠄ ᠴ· ᠠᠭᠸᠠᠩᠲᠠᠰᠢ
ᠠᠶ᠎ᠠ᠄ ᠣ· ᠳᠡᠮᠪᠡᠷᠢᠯ
ᠳᠠᠭᠤᠴᠢᠨ᠄ ᠠᠯᠲᠠᠨᠲᠦᠯᠬᠢᠭᠦᠷ
ᠭᠤᠨ᠎ᠠ ᠶ᠋ᠢᠨ ᠡᠪᠡᠷ ᠬᠤᠭᠤᠷᠠᠮᠠᠷ
ᠭᠤᠷᠪᠠᠨ ᠶᠢᠰᠦ ᠶ᠋ᠢᠨ ᠬᠦᠢᠲᠡᠨ ᠳ᠋ᠦ᠍ ᠪᠡᠨ
ᠬᠤᠰᠤᠨ ᠤᠷᠭ᠎ᠠ ᠪᠠᠨ ᠪᠠᠷᠢᠭᠠᠳ
ᠬᠤᠷᠳᠤᠯᠠᠵᠤ ᠶᠠᠪᠤᠨ᠎ᠠ ᠠᠳᠤᠭᠤᠴᠢᠨ
ᠠᠢ ᠶᠠᠭᠠᠬᠢᠭᠰᠠᠨ ᠰᠠᠢᠬᠠᠨ ᠶᠤᠮ ᠪᠣᠢ
ᠠᠳᠤᠭᠤ ᠨᠢ ᠶᠠᠭᠠᠬᠢᠭᠰᠠᠨ ᠣᠯᠠᠨ ᠶᠤᠮ ᠪᠣᠢ
ᠵᠣᠷᠢᠭ ᠲᠠᠢ ᠭᠡᠳᠡᠭ ᠨᠢ ᠭᠠᠩ ᠶᠤᠮ ᠠ᠋ ᠭᠠᠩ ᠶᠤᠮ
ᠵᠣᠯᠪᠣᠭ᠎ᠠ ᠲᠠᠢ ᠭᠡᠳᠡᠭ ᠨᠢ ᠭᠠᠯ ᠶᠤᠮ ᠠ᠋ ᠭᠠᠯ ᠶᠤᠮ
ᠡᠮᠨᠢᠭ ᠠᠵᠢᠷᠭ᠎ᠠ ᠪᠠᠨ ᠪᠤᠯᠭᠢᠭᠤᠯᠤᠭᠰᠠᠭᠠᠷ
ᠢᠰᠬᠡᠷᠦᠭᠡᠳ ᠳᠠᠪᠬᠢᠯ᠎ᠠ ᠨᠢᠭᠡ ᠨᠢ
ᠢᠨᠢᠶᠡᠮᠰᠦᠭᠯᠡᠭᠡᠳ ᠥᠩᠭᠡᠷᠡᠬᠦ ᠳ᠋ᠦ᠍ ᠪᠡᠨ
ᠢᠷᠮᠡᠭᠡᠳ ᠳᠣᠬᠢᠯ᠎ᠠ ᠨᠠᠭᠠᠰᠢ ᠪᠠᠨ
ᠠᠢ ᠶᠠᠭᠠᠬᠢᠭᠰᠠᠨ ᠥᠯᠴᠢᠷ ᠶᠦᠮ ᠪᠣᠢ
ᠠᠳᠤᠭᠤ ᠨᠢ ᠶᠠᠭᠠᠬᠢᠭᠰᠠᠨ ᠲᠠᠷᠭᠤᠨ ᠶᠤᠮ ᠪᠣᠢ
ᠢᠳᠡᠷᠡᠭᠦᠨ ᠴᠢᠳᠠᠯ ᠨᠢ ᠤᠷᠮ᠎ᠠ ᠲᠠᠢ ᠳᠠ ᠤᠷᠮ᠎ᠠ ᠲᠠᠢ
ᠢᠷᠮᠡᠭᠡᠳ ᠥᠩᠭᠡᠷᠡᠬᠦ ᠨᠢ ᠤᠴᠢᠷ ᠲᠠᠢ ᠳᠠ ᠤᠴᠢᠷ ᠲᠠᠢ
ᠬᠡᠨ ᠨᠢᠭᠡᠨ ᠳ᠋ᠦ᠍ ᠮᠢᠨᠢ ᠳᠤᠷᠠᠯᠠᠴᠢᠬᠠᠭᠠᠳ
ᠠᠭᠤᠯᠵᠠᠶ᠎ᠠ ᠭᠡᠪᠡ ᠦᠦ ᠲᠡᠭᠦᠨ ᠢ ᠪᠡᠨ
ᠬᠢᠷᠢ ᠮᠠᠯᠴᠢᠨ ᠬᠡᠦᠬᠡᠨ ᠨᠦ᠍ᠭᠦᠳ ᠪᠣᠢ
ᠣᠷᠣᠯᠳᠣᠶ᠎ᠠ ᠭᠡᠪᠡ ᠦᠦ ᠪᠢᠳᠡᠨ ᠢ᠋ ᠪᠡᠨ
ᠠᠢ ᠶᠠᠭᠠᠬᠢᠭᠰᠠᠨ ᠰᠣᠨᠢᠨ ᠶᠤᠮ ᠪᠣᠢ
ᠠᠯᠢ ᠶ᠋ᠢ ᠨᠢ ᠭᠡᠵᠦ ᠮᠡᠳᠡᠬᠦ ᠶᠦᠮ ᠪᠣᠢ
ᠠᠭᠤᠯᠵᠠᠶ᠎ᠠ ᠭᠡᠪᠡᠯ ᠶᠠᠭᠠᠬᠢᠬᠤ ᠶᠤᠮ ᠪᠣᠢ ᠶᠠᠭᠠᠬᠢᠬᠤ ᠶᠤᠮ
ᠣᠷᠣᠯᠳᠣᠶ᠎ᠠ ᠭᠡᠪᠡᠯ ᠣᠷᠣᠯᠳᠣᠨ᠎ᠠ ᠰᠢᠦ ᠣᠷᠣᠯᠳᠣᠨ᠎ᠠ
ᠦᠰᠦᠭ ᠬᠠᠲᠠᠵᠤ ᠦᠰᠦᠭ ᠠᠮᠢᠯᠠᠭᠤᠯᠤᠭᠰᠠᠨ ᠨᠢ᠄ ᠥᠨᠢᠮᠥ᠋ᠩᠬᠡ
ᠬᠢᠨᠠᠭᠴᠢ ᠪᠠᠭᠰᠢ᠄ ᠤᠶᠠᠬᠠᠨ
