ᠮᠣᠩᠭᠣᠯ ᠪᠢᠴᠢᠭ - ᠭᠦᠨᠷᠦᠭᠵᠡᠪ ᠦᠨ ᠢᠰᠢᠬᠦᠦ Монгол бичиг - Г. Ишүү
ᠮᠣᠩᠭᠣᠯ ᠪᠢᠴᠢᠭ
ᠢᠷᠠᠭᠤ ᠨᠠᠢᠷᠠᠭᠴᠢ ᠄ ᠢ ᠂ ᠢᠰᠢᠬᠦᠦ
ᠣᠷᠣᠢ ᠨᠠᠮᠤᠷ ᠤᠨ ᠴᠠᠰᠤ ᠶᠢ ᠵᠢᠷᠤᠭᠯᠠᠭᠰᠠᠨ ᠪᠤᠭᠤ ᠶᠢᠨ ᠴᠢᠭ᠌ ᠮᠣᠩᠭᠣᠯ ᠪᠢᠴᠢᠭ
ᠤᠯᠠᠨ ᠤᠰᠤᠨ ᠤ ᠬᠠᠪᠤᠷᠵᠢᠶ᠎ᠠ ᠶᠢᠨ ᠣᠮᠣᠭᠯᠠᠩ ᠪᠤᠯᠠᠭ ᠤᠳ ᠮᠣᠩᠭᠣᠯ ᠪᠢᠴᠢᠭ
ᠳᠡᠯᠡᠬᠡᠢ ᠶᠢ ᠲᠠᠮᠠᠭᠠᠯᠠᠭᠰᠠᠨ ᠮᠣᠷᠢᠳ ᠤᠨ ᠲᠣᠭᠣᠷᠠᠢ ᠶᠢᠨ ᠲᠣᠭᠣᠰᠣ ᠮᠣᠩᠭᠣᠯ ᠪᠢᠴᠢᠭ
ᠳᠡᠭᠡᠪᠦᠷᠲᠦ ᠴᠠᠭᠠᠨ ᠭᠡᠷ ᠦᠨ ᠴᠡᠩᠬᠡᠷ ᠤᠲᠤᠭ᠎ᠠ ᠮᠣᠩᠭᠣᠯ ᠪᠢᠴᠢᠭ
ᠳᠡᠭᠡᠳᠦᠰ ᠬᠠᠭᠠᠳ ᠤᠨ ᠲᠠᠮᠠᠭᠠᠨ ᠳ᠋ᠡᠬᠢ ᠳᠠᠷᠤᠳᠠᠰᠤ ᠪᠦᠬᠦᠨ ᠮᠣᠩᠭᠣᠯ ᠪᠢᠴᠢᠭ
ᠳᠡᠨᠵᠢ ᠶᠢᠨ ᠴᠡᠴᠡᠭ ᠢ ᠵᠠᠶ᠋ᠢᠮᠤᠴᠢᠯᠤᠭᠤᠭᠰᠠᠨ ᠮᠣᠷᠢᠨ ᠤ ᠶᠠᠪᠤᠳᠠᠯ ᠮᠣᠩᠭᠣᠯ ᠪᠢᠴᠢᠭ
ᠳᠦᠭᠦᠷᠡᠩ ᠳᠡᠯᠭᠡᠷ ᠨᠠᠷᠠᠨ ᠤ ᠨᠣᠮᠢᠨ ᠰᠣᠯᠣᠩᠭ᠎ᠠ ᠮᠣᠩᠭᠣᠯ ᠪᠢᠴᠢᠭ
ᠳᠦᠦᠭᠡᠦᠷ ᠰᠢᠳᠡᠭᠰᠡᠨ ᠴᠢᠯᠠᠭᠤᠨ ᠤ ᠴᠣᠭᠣᠯᠤᠭᠰᠠᠨ ᠵᠢᠮ᠎ᠡ ᠮᠣᠩᠭᠣᠯ ᠪᠢᠴᠢᠭ
ᠳᠡᠭᠦᠦ ᠪᠡᠨ ᠳᠠᠭᠠᠭᠤᠯᠵᠤ ᠭᠦᠶᠦᠭᠰᠡᠨ ᠨᠤᠭᠤ ᠶᠢᠨ ᠵᠢᠮ ᠮᠣᠩᠭᠣᠯ ᠪᠢᠴᠢᠭ
ᠳᠦᠷᠡᠯᠵᠡᠨ ᠠᠰᠠᠬᠤ ᠭᠠᠯ ᠤᠨ ᠬᠥᠬᠡ ᠢᠷ ᠮᠣᠩᠭᠣᠯ ᠪᠢᠴᠢᠭ ᠡ
ᠠᠯᠲᠠᠢ ᠶᠢᠨ ᠢᠵᠠᠭᠤᠷᠲᠤ ᠬᠡᠯᠡᠨ ᠦ ᠴᠢᠮᠡᠭ ᠭᠣᠶᠣᠯᠠᠯ ᠮᠣᠩᠭᠣᠯ ᠪᠢᠴᠢᠭ
ᠠᠯᠲᠠᠨ ᠬᠠᠷᠭᠠᠨ᠎ᠠ ᠶᠢᠨ ᠣᠶ᠋ᠢᠰᠤᠨ ᠳᠡᠭᠡᠷᠡᠬᠢ ᠰᠤᠳᠤᠷ ᠨᠣᠮ ᠮᠣᠩᠭᠣᠯ ᠪᠢᠴᠢᠭ
ᠠᠭᠤᠤ ᠳᠡᠭᠡᠳᠦᠰ ᠦᠨ ᠰᠣᠶᠣᠯ ᠪᠠᠶ᠋ᠢᠬᠰᠠᠨ ᠠᠴᠠ ᠠᠮᠢ ᠪᠠᠨ ᠠᠯᠳᠠᠬᠤ ᠲᠦᠭᠦᠭᠰᠡᠨ ᠪᠢᠴᠢᠭ
ᠠᠷᠤ ᠂ ᠥᠪᠥᠷ ᠂ ᠬᠠᠯᠢᠮᠠᠭ ᠂ ᠪᠤᠷᠢᠶᠠᠳ ᠠᠯᠢ ᠠᠯᠢ ᠨᠢ ᠮᠣᠩᠭᠣᠯ ᠪᠢᠴᠢᠭ
ᠴᠠᠰᠤᠲᠤ ᠶᠢᠨ ᠮᠣᠩᠭᠣᠯ ᠂ ᠴᠠᠭᠠᠨ ᠮᠣᠩᠭᠣᠯ ᠂ ᠬᠠᠵᠠᠭᠠᠷ ᠮᠣᠩᠭᠣᠯ
ᠴᠠᠭ ᠴᠠᠭ ᠤᠨ ᠮᠣᠩᠭᠣᠯ ᠪᠢᠴᠢᠭ
ᠴᠠᠰᠤᠨ ᠳᠡᠭᠡᠭᠦᠷ ᠲᠤᠭᠤᠯᠤᠭᠰᠠᠨ ᠮᠠᠯ ᠤᠨ ᠴᠠᠴᠤᠭ ᠮᠥᠷ ᠮᠣᠩᠭᠣᠯ ᠪᠢᠴᠢᠭ
ᠲᠡᠷᠲᠡᠭᠡ ᠬᠥᠲᠥᠯ ᠢ ᠳᠠᠪᠠᠵᠤ ᠶᠠᠪᠤᠭ᠎ᠠ ᠲᠡᠮᠡᠭᠡᠨ ᠵᠢᠩ ᠮᠣᠩᠭᠣᠯ ᠪᠢᠴᠢᠭ
ᠲᠩᠷᠢ ᠭᠠᠵᠠᠷ ᠢ ᠨᠡᠬᠡᠵᠦ ᠪᠠᠶ᠋ᠢᠭ᠎ᠠ ᠪᠣᠷᠣᠭᠠᠨ ᠲᠤᠰᠤᠯ ᠮᠣᠩᠭᠣᠯ ᠪᠢᠴᠢᠭ
ᠬᠠᠷᠢ ᠶᠢᠨ ᠭᠦᠷᠦᠨ ᠤᠷᠤᠭᠤ ᠥᠷᠲᠡᠭᠡᠯᠡᠭᠰᠡᠨ ᠥᠳᠥᠲᠦ ᠵᠠᠬᠢᠳᠠᠯ ᠮᠣᠩᠭᠣᠯ ᠪᠢᠴᠢᠭ
ᠬᠠᠭᠠᠳ ᠤᠨ ᠵᠠᠷᠯᠢᠬ ᠢ ᠠᠭᠤᠯᠤᠭᠰᠠᠨ (ᠠᠬᠤᠭᠤᠯᠤᠭᠰᠠᠨ )
ᠬᠠᠰᠪᠣᠣ ᠲᠠᠮᠠᠭ᠎ᠠ ᠮᠣᠩᠭᠣᠯ ᠪᠢᠴᠢᠭ
ᠭᠦᠷᠦᠨ ᠦ ᠲᠡᠦᠬᠡ ᠶᠢ ᠬᠠᠳᠠᠭᠠᠯᠠᠭᠰᠠᠨ ᠲᠩᠷᠢ ᠶᠢᠨ ᠪᠣᠱᠣᠭ ᠭᠡᠷᠡᠯᠲᠦ ᠪᠢᠴᠢᠭ
ᠡᠷᠢᠨ ᠦ ᠲᠣᠭᠠᠯᠠᠯ ᠳᠤ ᠮᠦᠩᠬᠡᠷᠡᠭᠰᠡᠨ ᠶᠡᠬᠡ ᠲᠥᠷᠥ ᠶᠢᠨ ᠴᠠᠭᠠᠵᠠ ᠪᠢᠴᠢᠭ ᠡ
ᠬᠥᠰᠢᠶ᠎ᠡ ᠴᠢᠯᠠᠭᠤᠨ ᠳᠤ ᠰᠡᠶ᠋ᠢᠯᠦᠭᠳᠡᠭᠰᠡᠨ ᠰᠦᠭ ᠵᠢᠷᠤᠭ ᠤᠳ ᠡᠪᠦᠭᠡ ᠪᠢᠴᠢᠭ
ᠬᠥᠬᠡ ᠮᠣᠩᠭᠣᠯ ᠡᠪᠦᠭᠡᠳ ᠦᠨ ᠲᠡᠦᠬᠡᠲᠦ ᠵᠢᠷᠤᠯᠭ᠎ᠠ ᠣᠪᠣᠭ ᠪᠢᠴᠢᠭ
ᠬᠥᠮᠦᠨ ᠲᠥᠷᠥᠯᠬᠢᠲᠡᠨ ᠳᠦ ᠮᠦᠩᠬᠡᠯᠡᠭᠰᠡᠨ ᠡᠷᠬᠢᠮ ᠰᠣᠶᠣᠯ ᠳᠡᠭᠡᠳᠦ ᠪᠢᠴᠢᠭ
ᠾᠦᠩᠨᠦ ᠂ ᠰᠢᠶᠠᠨᠪᠢ ᠶ᠋ᠢᠨ ᠲᠡᠦᠬᠡ ᠬᠡᠯᠬᠢᠭᠰᠡᠨ ᠶᠡᠬᠡ ᠨᠡᠭᠦᠳᠡᠯ ᠬᠤᠳᠤᠮ ᠪᠢᠴᠢᠭ
ᠨᠠᠷᠠᠨ ᠵᠦᠭ ᠲᠢᠲᠢᠮᠯᠡᠵᠦ ᠪᠢᠴᠢᠭᠰᠡᠨ ᠣᠮᠣᠭ ᠲᠡᠭᠦᠯᠳᠡᠷ ᠭᠠᠯ ᠪᠢᠴᠢᠭ
ᠨᠠᠰᠤᠨ ᠬᠤᠲᠤᠭ ᠢ ᠪᠡᠯᠭᠡᠳᠡᠵᠦ ᠲᠠᠲᠠᠭᠰᠠᠨ ᠵᠠᠭᠤᠨ ᠵᠠᠭᠤᠨ ᠤ ᠪᠣᠰᠤᠭ᠎ᠠ ᠪᠢᠴᠢᠭ
ᠳᠡᠪᠲᠡᠷ ᠨᠣᠮ ᠤᠨ ᠬᠠᠭᠤᠳᠠᠰᠤᠨ ᠳᠤ ᠣᠷᠣᠰᠢᠬᠰᠠᠨ ᠳᠡᠭᠡᠷᠡᠬᠢ ᠨᠠᠷᠠᠨ ᠤ ᠰᠠᠴᠤᠷᠠᠯ ᠪᠢᠴᠢᠭ
ᠳᠡᠯᠡᠬᠡᠢ ᠶᠢᠨ ᠰᠣᠶᠣᠯ ᠤᠨ ᠡᠪᠦᠭᠡᠨ ᠡᠴᠢᠭᠡ ᠳᠡᠭᠡᠳᠦ ᠲᠩᠷᠢ ᠶᠢᠨ ᠵᠠᠷᠯᠢᠬ ᠪᠢᠴᠢᠭ
ᠮᠣᠩᠭᠣᠯ ᠪᠢᠴᠢᠭ ᠡ
